32 ᠮᠢᠩᠭᠠᠨ ᠢᠷᠭᠡᠨ ᠦ ᠮᠥᠩᠭᠥ ᠶᠢ  ᠪᠤᠴᠠᠭᠠᠵᠠᠢ  | News.MN

32 ᠮᠢᠩᠭᠠᠨ ᠢᠷᠭᠡᠨ ᠦ ᠮᠥᠩᠭᠥ ᠶᠢ  ᠪᠤᠴᠠᠭᠠᠵᠠᠢ 

 

ᠵᠠᠰᠠᠭ ᠤᠨ ᠭᠠᠵᠠᠷ ᠠᠴᠠ ᠢᠷᠭᠡᠨ ᠪᠦᠷᠢ ᠳᠦ ᠣᠯᠭᠤᠵᠤ ᠪᠤᠢ 300 ᠮᠢᠩᠭᠠᠨ ᠲᠥᠭᠥᠷᠢᠭ ᠦᠨ ᠨᠢᠭᠡ ᠤᠳᠠᠭ᠎ᠠ ᠶᠢᠨ ᠳᠡᠮᠵᠢᠯᠭᠡ ᠶᠢ ᠨᠡᠶᠢᠲᠡ ᠢᠷᠭᠡᠳ ᠦᠨ 93.1 ᠬᠤᠪᠢ ᠳᠤ ᠣᠯᠭᠤᠭᠰᠠᠨ ᠲᠠᠯ᠎ᠠ ᠪᠠᠷ ᠰᠠᠩ ᠤᠨ ᠶᠠᠮᠤᠨ ᠠᠴᠠ ᠮᠡᠳᠡᠭᠡᠯᠡᠪᠡ᠃ ᠲᠣᠳᠣᠷᠠᠭᠤᠯᠪᠠᠯ᠂ ᠡᠨᠡ ᠰᠠᠷ᠎ᠠ ᠶᠢᠨ 8-13 ᠍ ᠳᠦ 3 ᠰᠠᠶ᠎ᠠ 173 ᠮᠢᠩᠭ᠎ᠠ 897 ᠢᠷᠭᠡᠨ ᠳᠦ 952 ᠲᠡᠷᠪᠤᠮ 169 ᠰᠠᠶ᠎ᠠ ᠲᠥᠭᠥᠷᠢᠭ ᠢ ᠲᠥᠷᠥ ᠶᠢᠨ ᠰᠠᠩ ᠠᠴᠠ ᠠᠷᠠᠯᠵᠢᠶᠠᠨ ᠤ ᠪᠠᠩᠬᠢ ᠨᠤᠭᠤᠳ ᠢᠶᠠᠷ ᠳᠠᠮᠵᠢᠭᠤᠯᠤᠨ ᠣᠯᠭᠤᠭᠰᠠᠨ ᠪᠠᠶᠢᠨ᠎ᠠ᠃

ᠬᠠᠷᠢᠨ 32 ᠮᠢᠩᠭ᠎ᠠ 144 ᠢᠷᠭᠡᠨ ᠦ ᠮᠥᠩᠭᠥ ᠶᠢ ᠲᠥᠷᠥ ᠶᠢᠨ ᠰᠠᠩ ᠳᠤ ᠪᠤᠴᠠᠭᠠᠨ ᠰᠢᠯᠵᠢᠭᠦᠯᠵᠡᠢ᠃ ᠡᠨᠡ ᠨᠢ ᠬᠦᠯᠢᠶᠡᠨ ᠠᠪᠤᠭᠴᠢ ᠶᠢᠨ ᠳᠠᠩᠰᠠ ᠬᠠᠭᠠᠭᠳᠠᠭᠰᠠᠨ᠂ ᠨᠡᠷ᠎ᠡ ᠶᠢ ᠯᠠᠲ᠋ᠢᠨ ᠦᠰᠦᠭ ᠢᠶᠡᠷ ᠪᠢᠴᠢᠭᠰᠡᠨ᠂ ᠨᠡᠷ᠎ᠡ ᠶᠢ ᠯᠠᠲ᠋ᠢᠨ ᠪᠣᠯᠤᠨ ᠺᠷᠢᠯ ᠦᠰᠦᠭ ᠬᠣᠯᠢᠵᠤ ᠪᠢᠴᠢᠭᠰᠡᠨ᠂ ᠨᠡᠷ᠎ᠡ ᠶᠢᠨ ᠡᠮᠦᠨ᠎ᠡ ᠪᠣᠯᠤᠨ ᠬᠣᠶᠢᠨ᠎ᠠ ᠰᠤᠯᠠ ᠵᠠᠢ ᠠᠪᠤᠭᠰᠠᠨ ᠵᠡᠷᠭᠡ ᠰᠢᠯᠲᠠᠭᠠᠨ ᠠᠴᠠ ᠪᠤᠯᠵᠠᠢ᠃

ᠰᠡᠳᠬᠢᠭᠳᠡᠯ ᠦᠯᠡᠳᠡᠭᠡᠬᠦ