ᠶᠡᠷᠦᠩᠬᠡᠶᠢᠯᠡᠭᠴᠢ ᠤᠭ᠍ᠶᠤᠲᠤᠯᠤᠭᠠᠢ ᠲᠠᠢ ᠬᠣᠯᠪᠣᠭ᠎ᠠ ᠲᠠᠢ ᠵᠠᠷᠯᠢᠭ ᠢ ᠵᠠᠰᠠᠭ ᠤᠨ ᠭᠠᠵᠠᠷ ᠲᠤ ᠬᠦᠷᠭᠡᠭᠦᠯᠵᠡᠢ  | News.MN

ᠶᠡᠷᠦᠩᠬᠡᠶᠢᠯᠡᠭᠴᠢ ᠤᠭ᠍ᠶᠤᠲᠤᠯᠤᠭᠠᠢ ᠲᠠᠢ ᠬᠣᠯᠪᠣᠭ᠎ᠠ ᠲᠠᠢ ᠵᠠᠷᠯᠢᠭ ᠢ ᠵᠠᠰᠠᠭ ᠤᠨ ᠭᠠᠵᠠᠷ ᠲᠤ ᠬᠦᠷᠭᠡᠭᠦᠯᠵᠡᠢ 

 

ᠤᠯᠤᠰ ᠤᠨ ᠶᠡᠬᠡ ᠬᠤᠷᠠᠯ ᠤᠨ ᠴᠢᠭᠤᠯᠭᠠᠨ ᠤ ᠬᠤᠷᠠᠯᠳᠤᠭᠠᠨ ᠳᠤ ᠶᠡᠷᠦᠩᠬᠡᠶᠢᠯᠡᠭᠴᠢ ᠬ∙ᠪᠠᠲᠤᠲᠤᠯᠭ᠎ᠠ ᠣᠷᠣᠯᠴᠠᠵᠤ ᠦᠭᠡ ᠬᠡᠯᠡᠭᠰᠡᠨ ᠪᠠᠶᠢᠨ᠎ᠠ᠃ ᠲᠡᠷᠡᠪᠡᠷ ᠄ ᠤᠭ᠍ᠶᠤᠲᠤᠯᠤᠭᠠᠢ ᠺᠣᠮᠫᠠᠨᠢ ᠶᠢᠨ ᠨᠡᠬᠡᠮᠵᠢᠯᠡᠯ ᠢᠶᠡᠷ ᠯᠤᠨᠳᠤᠨ ᠤ ᠣᠯᠠᠨ ᠤᠯᠤᠰ ᠤᠨ ᠠᠷᠪᠢᠲ᠋ᠧᠷ ᠤᠨ ᠰᠢᠭᠦᠬᠦ ᠳᠦ ᠮᠣᠩᠭᠣᠯ ᠤᠯᠤᠰ ᠤᠨ ᠵᠠᠰᠠᠭ ᠤᠨ ᠭᠠᠵᠠᠷ ᠢ ᠬᠠᠷᠢᠭᠤᠴᠠᠭᠴᠢ ᠪᠠᠷ ᠲᠠᠲᠠᠨ ᠳᠠᠭᠤᠳᠠᠭᠰᠠᠨ᠂  ᠡᠨᠡ ᠠᠷᠪᠢᠲ᠋ᠧᠷ ᠤᠨ ᠮᠠᠷᠭᠤᠭᠠᠨ ᠳᠤ ᠮᠠᠨ ᠤ ᠣᠷᠣᠨ ᠰᠢᠳᠤᠷᠭᠤ ᠶᠣᠰᠣᠨ ᠤ ᠬᠦᠰᠡᠮᠵᠢᠯᠡᠯ᠂ ᠱᠠᠭᠠᠷᠳᠠᠯᠭ᠎ᠠ ᠪᠠᠨ ᠳᠡᠪᠰᠢᠭᠦᠯᠦᠨ ᠲᠠᠯᠪᠢᠵᠤ᠂ ᠰᠥᠷᠭᠦ ᠨᠡᠬᠡᠮᠵᠢᠯᠡᠯ  ᠭᠠᠷᠭᠠᠵᠤ᠂ ᠤᠭ᠍ᠶᠤᠲᠤᠯᠤᠭᠠᠢ ᠲᠠᠢ ᠬᠠᠮᠢᠶᠠᠷᠤᠯ ᠲᠠᠢ ᠭᠡᠷ᠎ᠡ ᠬᠡᠯᠡᠴᠡᠯ ᠦᠳ ᠢ ᠰᠢᠨᠡᠴᠢᠯᠡᠨ ᠪᠠᠶᠢᠭᠤᠯᠬᠤ᠂  ᠮᠠᠨ ᠤ ᠤᠯᠤᠰ ᠢᠵᠠᠭᠤᠷ ᠠᠰᠢᠭ ᠰᠣᠨᠢᠷᠬᠠᠯ ᠢᠶᠠᠨ ᠬᠠᠮᠠᠭᠠᠯᠠᠵᠤ᠂ ᠨᠡᠶᠢᠲᠡ ᠮᠣᠩᠭᠣᠯᠴᠤᠳ ᠪᠠᠢᠭᠠᠯᠢ ᠶᠢᠨ ᠪᠠᠶᠠᠯᠢᠭ ᠤᠨ ᠦᠷ᠎ᠡ ᠰᠢᠮ᠎ᠡ ᠶᠢ ᠲᠡᠭᠰᠢ ᠰᠢᠳᠤᠷᠭᠤ ᠪᠠᠷ ᠬᠦᠷᠲᠡᠵᠦ ᠪᠠᠶᠢᠬᠤ ᠨᠥᠬᠥᠴᠡᠯ ᠢ ᠬᠠᠩᠭᠠᠬᠤ ᠂ ᠴᠢᠨᠠᠭᠰᠢᠯᠠᠭᠠᠳ ᠬᠥᠷᠥᠩᠭᠡ ᠣᠷᠣᠭᠤᠯᠤᠭᠴᠢ ᠲᠠᠯ᠎ᠠ ᠲᠠᠢ ᠬᠠᠷᠢᠯᠴᠠᠨ ᠠᠰᠢᠭᠲᠠᠢ᠂ ᠨᠡᠭᠡᠭᠡᠯᠲᠡ ᠲᠡᠢ ᠬᠠᠮᠲᠤᠷᠠᠨ ᠠᠵᠢᠯᠯᠠᠬᠤ ᠡᠷᠬᠢᠮ ᠳᠡᠭᠡᠳᠦ ᠦᠢᠯᠡ ᠬᠡᠷᠡᠭ ᠢ ᠠᠮᠵᠢᠯᠲᠠ ᠲᠠᠢ ᠪᠦᠲᠦᠭᠡᠬᠦ ᠲᠡᠦᠬᠡᠨ ᠪᠣᠯᠤᠯᠴᠠᠭ᠎ᠠ ᠶᠢ ᠣᠯᠭᠤᠬᠤᠶᠢᠴᠠ ᠣᠨᠴᠠᠭᠠᠢ ᠴᠠᠭ ᠦᠶ᠎ᠡ ᠲᠣᠬᠢᠶᠠᠭᠰᠠᠨ ᠪᠠᠶᠢᠨ᠎ᠠ᠃
ᠡᠭᠦᠨ ᠦ ᠤᠴᠢᠷ ᠮᠣᠩᠭᠣᠯ ᠤᠯᠤᠰ ᠤᠨ ᠶᠡᠷᠦᠩᠬᠡᠶᠢᠯᠡᠭᠴᠢ  ᠵᠠᠰᠠᠭ ᠤᠨ ᠭᠠᠵᠠᠷ ᠲᠤ ᠬᠠᠨᠳᠤᠵᠤ᠂ ᠣᠯᠠᠨ ᠤᠯᠤᠰ ᠤᠨ ᠠᠷᠪᠢᠲ᠋ᠧᠷ ᠤᠨ ᠰᠢᠭᠦᠬᠦ ᠳᠦ ᠤᠭ᠍ᠶᠤᠲᠤᠯᠤᠭᠠᠢ ᠺᠣᠮᠫᠠᠨᠢ ᠶᠢᠨ ᠭᠠᠷᠭᠠᠭᠰᠠᠨ ᠨᠡᠬᠡᠮᠵᠢᠯᠡᠯ  ᠦᠨ ᠡᠰᠡᠷᠭᠦ ᠨᠡᠩ ᠳᠠᠷᠤᠢ ᠰᠥᠷᠭᠦ ᠨᠡᠬᠡᠮᠵᠢᠯᠡᠯ ᠭᠠᠷᠭᠠᠵᠤ᠂ ᠬᠣᠯᠪᠣᠭᠳᠠᠬᠤ ᠠᠷᠭ᠎ᠠ ᠬᠡᠮᠵᠢᠶ᠎ᠡ ᠠᠪᠬᠤ ᠵᠠᠷᠯᠢᠭ ᠢ ᠬᠦᠷᠭᠡᠭᠦᠯᠦᠭᠰᠡᠨ ᠪᠣᠯᠤᠨ᠎ᠠ ᠭᠡᠯ᠎ᠡ᠃

ᠰᠡᠳᠬᠢᠭᠳᠡᠯ ᠦᠯᠡᠳᠡᠭᠡᠬᠦ