ᠵᠠᠯᠠᠭᠤ ᠮᠠᠯᠴᠢᠨ ᠭ ∙ ᠮᠥᠩᠬᠡ-ᠡᠷᠳᠡᠨᠢ ᠶᠠᠩᠭᠢᠷ ᠤᠨ ᠢᠰᠢᠭᠡ ᠲᠡᠵᠢᠭᠡᠵᠦ ᠪᠠᠶᠢᠨ᠎ᠠ  | News.MN

ᠵᠠᠯᠠᠭᠤ ᠮᠠᠯᠴᠢᠨ ᠭ ∙ ᠮᠥᠩᠬᠡ-ᠡᠷᠳᠡᠨᠢ ᠶᠠᠩᠭᠢᠷ ᠤᠨ ᠢᠰᠢᠭᠡ ᠲᠡᠵᠢᠭᠡᠵᠦ ᠪᠠᠶᠢᠨ᠎ᠠ 

 

ᠬᠣᠪᠳᠣ ᠠᠶᠢᠮᠠᠭ ᠤᠨ ᠵᠡᠷᠭᠡ ᠰᠤᠮᠤ ᠶᠢᠨ ᠡᠬᠢᠨ ᠪᠠᠭ ᠤᠨ ᠵᠠᠯᠠᠭᠤ ᠮᠠᠯᠴᠢᠨ ᠭ∙ᠮᠥᠩᠬᠡ-ᠡᠷᠳᠡᠨᠢ ᠶᠢᠨ ᠰᠠᠭᠠᠯᠢ ᠶᠢᠨ ᠢᠮᠠᠭ᠎ᠠ ᠶᠢ ᠳᠠᠭᠠᠨ ᠨᠢᠭᠡ ᠶᠠᠩᠭᠢᠷ ᠤᠨ ᠢᠰᠢᠭᠡ ᠭᠦᠶᠦᠵᠦ ᠢᠷᠡᠵᠡᠢ᠃ ᠶᠠᠩᠭᠢᠷ ᠤᠨ ᠢᠰᠢᠭᠡ ᠶᠢ ᠢᠮᠠᠭ᠎ᠠ ᠬᠦᠬᠦᠭᠦᠯᠦᠨ ᠲᠡᠵᠢᠭᠡᠵᠦ ᠪᠠᠶᠢᠭ᠎ᠠ ᠪᠥᠭᠡᠳ ᠢᠰᠢᠭᠡ ᠨᠦᠭᠦᠳ ᠲᠡᠢ ᠲᠣᠭᠯᠠᠵᠤ᠂ ᠪᠡᠯᠴᠢᠭᠡᠷᠯᠡᠵᠦ ᠪᠠᠶᠢᠭ᠎ᠠ ᠭᠡᠵᠦ ᠲᠤᠰ ᠮᠠᠯᠴᠢᠨ ᠤ ᠭᠡᠷᠭᠡᠢ ᠪ∙ᠨᠠᠷᠠᠨᠴᠢᠮᠡᠭ ᠬᠡᠯᠡᠯ᠎ᠡ᠃
ᠮᠠᠯᠴᠢᠨ ᠭ∙ᠮᠥᠩᠬᠡ-ᠡᠷᠳᠡᠨᠢ ᠬᠡᠯᠡᠬᠦ ᠳᠦ ᠪᠡᠨ᠄ ᠶᠠᠩᠭᠢᠷ ᠤᠨ ᠢᠰᠢᠭᠡ ᠠᠩᠬ᠎ᠠ ᠢᠷᠡᠬᠦ ᠳᠦ ᠪᠡᠨ ᠡᠬᠡ ᠡᠴᠡ ᠭᠠᠷᠤᠭᠠᠳ ᠨᠢᠭᠡ ᠬᠣᠨᠣᠭᠰᠠᠨ ᠪᠣᠯᠤᠯᠲᠠᠢ ᠪᠠᠶᠢᠭᠰᠠᠨ᠃ ᠮᠠᠨ ᠤ ᠨᠤᠲᠤᠭ ᠠᠭᠤᠯᠠᠷᠬᠠᠭ ᠪᠥᠰᠡ ᠤᠴᠢᠷ ᠠᠴᠠ ᠵᠡᠷᠯᠢᠭ ᠠᠩ ᠠᠮᠢᠲᠠᠳ ᠡᠯᠪᠡᠭ ᠪᠤᠢ᠃ ᠢᠵᠢᠯᠢ ᠰᠦᠷᠦᠭ᠂ ᠡᠬᠡ ᠡᠴᠡ ᠪᠡᠨ ᠲᠥᠭᠡᠷᠢᠭᠰᠡᠨ ᠶᠠᠩᠭᠢᠷ ᠤᠨ ᠢᠰᠢᠭᠡ ᠶᠢ ᠴᠢᠨᠣ᠎ᠠ᠂ ᠨᠣᠬᠠᠢ᠂ ᠰᠢᠪᠠᠭᠤ ᠪᠠᠷᠢᠴᠢᠬᠠᠳᠠᠭ᠂ ᠲᠡᠶᠢᠮᠦ ᠡᠴᠡ ᠵᠡᠷᠯᠢᠭ ᠠᠮᠢᠲᠠᠨ ᠢ ᠬᠠᠮᠠᠭᠠᠯᠠᠬᠤ ᠵᠣᠷᠢᠯᠭ᠎ᠠ ᠪᠠᠷ ᠲᠡᠵᠢᠭᠡᠵᠦ ᠪᠠᠶᠢᠨ᠎ᠠ᠃ ᠢᠮᠠᠭᠠᠨ ᠤ ᠰᠦ ᠥᠭᠬᠦ ᠪᠡᠷ ᠪᠠᠭᠠᠰᠤ ᠠᠯᠳᠠᠳᠠᠭ ᠭᠡᠵᠦ ᠵᠠᠷᠢᠮ ᠬᠦᠮᠦᠰ ᠶᠠᠷᠢᠳᠠᠭ᠃ ᠣᠳᠣ ᠪᠠᠷ ᠲᠡᠶᠢᠮᠦ ᠵᠦᠢᠯ ᠪᠠᠶᠢᠬᠤ ᠦᠭᠡᠢ᠂ ᠡᠷᠡᠭᠦᠯ ᠪᠠᠶᠢᠨ᠎ᠠ᠃ ᠠᠵᠢᠭᠯᠠᠬᠤ ᠳᠤ ᠬᠠᠳᠠᠨ ᠳᠡᠭᠡᠷ᠎ᠡ ᠭᠠᠷᠬᠤ᠂ ᠢᠰᠢᠭᠡ ᠲᠡᠢ ᠲᠣᠭᠯᠠᠬᠤ  ᠳᠤᠷᠠᠲᠠᠢ ᠭᠡᠪᠡ

ᠰᠡᠳᠬᠢᠭᠳᠡᠯ ᠦᠯᠡᠳᠡᠭᠡᠬᠦ