ᠷᠢᠤ᠋ ᠲᠢᠨᠲ᠋ᠤ᠋ ᠮᠣᠩᠭᠣᠯ ᠤᠯᠤᠰ ᠲᠤ 277 ᠰᠠᠶ᠎ᠠ ᠳ᠋ᠣᠯᠯᠠᠷ ᠤᠨ ᠲᠠᠲᠠᠪᠤᠷᠢ᠂ ᠬᠤᠷᠢᠶᠠᠮᠵᠢ  ᠲᠦᠯᠦᠵᠡᠢ | News.MN

 ᠷᠢᠤ᠋ ᠲᠢᠨᠲ᠋ᠤ᠋ ᠮᠣᠩᠭᠣᠯ ᠤᠯᠤᠰ ᠲᠤ 277 ᠰᠠᠶ᠎ᠠ ᠳ᠋ᠣᠯᠯᠠᠷ ᠤᠨ ᠲᠠᠲᠠᠪᠤᠷᠢ᠂ ᠬᠤᠷᠢᠶᠠᠮᠵᠢ  ᠲᠦᠯᠦᠵᠡᠢ

 

ᠤᠭ᠍ᠶᠤᠲᠤᠯᠤᠭᠠᠢ ᠲᠥᠰᠥᠯ ᠦᠨ ᠬᠥᠷᠥᠩᠭᠡ ᠣᠷᠣᠭᠤᠯᠤᠭᠴᠢ ᠷᠢᠤ᠋ ᠲᠢᠨᠲ᠋ᠤ᠋ ᠺᠣᠮᠫᠠᠨᠢ 2020 ᠣᠨ ᠳᠤ ᠲᠥᠯᠦᠭᠰᠡᠨ ᠲᠠᠲᠠᠪᠤᠷᠢ ᠨᠤᠭᠤᠳ ᠢᠶᠠᠨ ᠲᠠᠨᠢᠯᠴᠠᠭᠤᠯᠤᠯ᠎ᠠ᠃ ᠲᠡᠳᠡ ᠮᠣᠩᠭᠣᠯ ᠤᠯᠤᠰ ᠲᠤ 277 ᠰᠠᠶ᠎ᠠ ᠳ᠋ᠣᠯᠯᠠᠷ ᠢ ᠲᠠᠲᠠᠪᠤᠷᠢ᠂ ᠠᠰᠢᠭᠲᠤ ᠮᠠᠯᠲᠠᠮᠠᠯ ᠤᠨ ᠨᠥᠭᠡᠴᠡ ᠠᠰᠢᠭᠯᠠᠭᠰᠠᠨ ᠤ ᠲᠥᠯᠥᠪᠦᠷᠢ ᠪᠣᠯᠤᠨ ᠪᠤᠰᠤᠳ ᠲᠥᠯᠥᠪᠦᠷᠢ᠂ ᠬᠤᠷᠢᠶᠠᠮᠵᠢ ᠳᠤ ᠲᠥᠯᠦᠵᠡᠢ᠃
ᠡᠭᠦᠨ ᠡᠴᠡ ᠭᠠᠳᠠᠨ᠎ᠠ 2010-2020 ᠣᠨ ᠳᠤ ᠠᠵᠢᠯᠲᠠᠳ ᠤᠨ ᠴᠠᠯᠢᠩ᠂ ᠬᠠᠩᠭᠠᠨ ᠨᠡᠶᠢᠯᠡᠭᠦᠯᠦᠭᠴᠢᠳ ᠲᠦ ᠲᠥᠯᠦᠭᠰᠡᠨ ᠲᠥᠯᠥᠪᠦᠷᠢ ᠪᠣᠯᠤᠨ ᠲᠠᠲᠠᠪᠤᠷᠢ᠂ ᠤᠯᠤᠰ ᠲᠤ ᠲᠥᠯᠦᠭᠰᠡᠨ ᠪᠤᠰᠤᠳ ᠲᠥᠯᠥᠪᠦᠷᠢ ᠬᠤᠷᠢᠶᠠᠮᠵᠢ ᠳᠤ ᠨᠡᠶᠢᠲᠡ 11.6 ᠲᠡᠷᠪᠤᠮ ᠳ᠋ᠣᠯᠯᠠᠷ ᠵᠠᠷᠤᠴᠠᠭᠤᠯᠤᠭᠰᠠᠨ ᠪᠥᠭᠡᠳ ᠡᠭᠦᠨ ᠡᠴᠡ ᠲᠠᠲᠠᠪᠤᠷᠢ᠂ ᠷᠤᠶᠠᠯᠲ ᠪᠠᠶᠢᠳᠠᠯ ᠢᠶᠠᠷ ᠵᠠᠰᠠᠭ ᠤᠨ ᠭᠠᠵᠠᠷ ᠲᠤ 2.8 ᠲᠡᠷᠪᠤᠮ ᠳ᠋ᠣᠯᠯᠠᠷ ᠲᠥᠯᠦᠭᠰᠡᠨ ᠬᠡᠮᠡᠨ ᠺᠣᠮᠫᠠᠨᠢ ᠶᠢᠨ ᠮᠡᠳᠡᠭᠡᠨ ᠳᠦ ᠪᠡᠨ   ᠳᠤᠷᠠᠳᠤᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ