ᠬᠣᠶᠠᠷ ᠨᠢᠳᠦ ᠨᠢ ᠭᠡᠮᠲᠦᠭᠰᠡᠨ ᠶᠠᠩᠭᠢᠷ ᠢᠮᠠᠭ᠎ᠠ ᠶᠢ ᠡᠮᠴᠢᠯᠡᠵᠡᠢ  | News.MN

ᠬᠣᠶᠠᠷ ᠨᠢᠳᠦ ᠨᠢ ᠭᠡᠮᠲᠦᠭᠰᠡᠨ ᠶᠠᠩᠭᠢᠷ ᠢᠮᠠᠭ᠎ᠠ ᠶᠢ ᠡᠮᠴᠢᠯᠡᠵᠡᠢ 

 

ᠬᠣᠪᠳᠣ ᠠᠶᠢᠮᠠᠭ ᠤᠨ ᠳᠦᠷᠭᠦᠨ ᠰᠤᠮᠤ ᠶᠢᠨ ᠢᠷᠭᠡᠨ᠂ ᠢᠳᠡᠪᠬᠢᠲᠡᠨ ᠪᠠᠶᠢᠭᠠᠯᠢ ᠬᠠᠮᠠᠭᠠᠯᠠᠭᠴᠢ ᠨ∙ᠮᠦᠩᠬᠡᠲᠦ᠋ᠷᠦ ᠡᠪᠡᠳᠴᠢᠨ ᠦ ᠤᠯᠠᠮ ᠠᠴᠠ ᠪᠠᠶᠢᠭᠠᠯᠢ ᠳᠤ ᠠᠮᠢᠳᠤᠷᠠᠬᠤ ᠴᠢᠳᠠᠪᠤᠷᠢ ᠦᠭᠡᠢ ᠪᠣᠯᠤᠭᠰᠠᠨ ᠶᠠᠩᠭᠢᠷ ᠢᠮᠠᠭ᠎ᠠ ᠶᠢ ᠣᠯᠵᠤ᠂ ᠡᠮᠴᠢᠯᠡᠨ ᠡᠳᠡᠭᠡᠭᠡᠵᠡᠢ᠃ ᠲᠡᠷᠡᠪᠡᠷ ᠥᠩᠭᠡᠷᠡᠭᠰᠡᠨ ᠭᠤᠷᠪᠠᠳᠤᠭᠠᠷ ᠰᠠᠷ᠎ᠠ ᠶᠢᠨ 18 ᠍ ᠤ ᠡᠳᠦᠷ ᠬᠣᠶᠠᠷ ᠨᠢᠳᠦ ᠨᠢ ᠭᠡᠮᠲᠦᠵᠦ᠂ ᠡᠪᠡᠳᠦᠭᠰᠡᠨ 4-5 ᠣᠷᠴᠢᠮ ᠨᠠᠰᠤᠲᠠᠢ ᠶᠠᠩᠭᠢᠷ  ᠤᠯᠤᠭᠠᠳ ᠭᠡᠷ ᠲᠦ ᠪᠡᠨ ᠠᠪᠴᠢᠷᠠᠨ ᠮᠠᠯ ᠤᠨ ᠡᠮᠴᠢ ᠨᠠᠷ ᠤᠨ ᠵᠦᠪᠯᠡᠯᠭᠡᠨ  ᠦ ᠳᠠᠭᠠᠤ ᠡᠮᠴᠢᠯᠡᠵᠦ ᠡᠳᠡᠭᠡᠭᠡᠵᠦ ᠳᠥᠷᠪᠡᠳᠦᠭᠡᠷ ᠰᠠᠷ᠎ᠠ ᠶᠢᠨ ᠬᠤᠶᠠᠷ ᠤᠨ ᠡᠳᠦᠷ ᠡᠬᠡ ᠪᠠᠶᠢᠭᠠᠯᠢ᠂ ᠢᠵᠢᠯ ᠰᠦᠷᠦᠭ ᠲᠦ ᠨᠢ ᠨᠡᠶᠢᠯᠡᠭᠦᠯᠦᠨ ᠲᠠᠯᠪᠢᠭᠰᠠᠨ ᠪᠠᠶᠢᠨ᠎ᠠ᠃

ᠲᠤᠬᠠᠢ ᠶᠢᠨ ᠦᠶ᠎ᠡ ᠳᠦ ᠴᠠᠭ ᠠᠭᠠᠷ ᠤᠨ ᠨᠥᠬᠥᠴᠡᠯ ᠪᠠᠶᠢᠳᠠᠯ ᠠᠴᠠ ᠰᠢᠯᠲᠠᠭᠠᠯᠠᠨ ᠶᠠᠩᠭᠢᠷ ᠤᠨ ᠨᠢᠳᠦ ᠭᠡᠮᠲᠦᠭᠰᠡᠨ᠂ ᠡᠪᠡᠳᠦᠭᠰᠡᠨ ᠪᠠᠶᠢᠬᠤ ᠭᠡᠰᠡᠨ ᠲᠠᠭᠠᠮᠠᠭᠯᠠᠯ ᠢ ᠵᠠᠷᠢᠮ ᠪᠠᠶᠢᠭᠠᠯᠢ ᠬᠠᠮᠠᠭᠠᠯᠠᠭᠴᠢ ᠬᠡᠯᠡᠵᠦ ᠪᠠᠶᠢᠨ᠎ᠠ᠃ ᠬᠣᠪᠳᠣ ᠠᠶᠢᠮᠠᠭ ᠤᠨ ᠳᠦᠷᠭᠦᠨ ᠰᠤᠮᠤ ᠶᠢᠨ ᠨᠤᠲᠤᠭ ᠳᠡᠪᠢᠰᠬᠡᠷ ᠲᠦ ᠣᠶᠢᠷᠠᠯᠴᠠᠭ᠎ᠠ ᠪᠠᠷ 100 ᠭᠠᠷᠤᠢ ᠲᠣᠭ᠎ᠠ ᠲᠣᠯᠣᠭᠠᠢ ᠶᠠᠩᠭᠢᠷ ᠨᠤᠲᠤᠭᠯᠠᠵᠤ ᠪᠤᠢ ᠠᠵᠠᠢ᠃

ᠰᠡᠳᠬᠢᠭᠳᠡᠯ ᠦᠯᠡᠳᠡᠭᠡᠬᠦ