ᠲᠠᠪᠤᠨᠲᠣᠯᠣᠭᠠᠢ ᠶᠢᠨ ᠨᠡᠭᠦᠷᠡᠰᠦ ᠠᠴᠢᠬᠤ ᠯᠤᠭᠢᠰᠲ᠋ᠢᠺ ᠢ ᠪᠠᠷᠢᠵᠤ ᠡᠬᠢᠯᠡᠨ᠎ᠡ  | News.MN

ᠲᠠᠪᠤᠨᠲᠣᠯᠣᠭᠠᠢ ᠶᠢᠨ ᠨᠡᠭᠦᠷᠡᠰᠦ ᠠᠴᠢᠬᠤ ᠯᠤᠭᠢᠰᠲ᠋ᠢᠺ ᠢ ᠪᠠᠷᠢᠵᠤ ᠡᠬᠢᠯᠡᠨ᠎ᠡ 

ᠵᠠᠰᠠᠭ ᠤᠨ ᠭᠠᠵᠠᠷ ᠤᠨ ᠡᠭᠡᠯᠵᠢᠲᠦ ᠬᠤᠷᠠᠯᠳᠤᠭᠠᠨ ᠥᠨᠥᠳᠥᠷ ᠪᠣᠯᠤᠯ᠎ᠠ᠃ ᠬᠤᠷᠠᠯᠳᠤᠭᠠᠨ ᠢᠶᠠᠷ ᠲᠠᠪᠤᠨᠲᠣᠯᠣᠭᠠᠢ ᠶᠢᠨ ᠨᠡᠭᠦᠷᠡᠰᠦ  ᠠᠴᠢᠬᠤ ᠯᠤᠭᠢᠰᠲ᠋ᠢᠺ ᠤᠨ ᠲᠥᠪ ᠦᠨ ᠲᠠᠯ᠎ᠠ ᠪᠠᠷ ᠬᠡᠯᠡᠯᠴᠡᠪᠡ᠃ ᠨᠡᠭᠦᠷᠡᠰᠦ  ᠠᠴᠢᠬᠤ ᠰᠠᠯᠪᠤᠷᠢ ᠲᠡᠮᠦᠷ ᠵᠠᠮ᠂  ᠠᠴᠢᠬᠤ ᠪᠠᠶᠢᠭᠤᠯᠤᠮᠵᠢ ᠶᠢᠨ ᠲᠧᠭᠨᠢᠭ ᠡᠳ᠋ ᠍ ᠦᠨ ᠵᠠᠰᠠᠭ ᠤᠨ ᠦᠨᠳᠦᠰᠦᠯᠡᠯ᠂ ᠵᠢᠷᠤᠭ ᠲᠥᠰᠥᠯ ᠢ ᠨᠢ ᠪᠣᠯᠪᠠᠰᠤᠷᠠᠭᠤᠯᠤᠨ ᠪᠠᠲᠤᠯᠠᠭᠠᠵᠢᠭᠤᠯᠵᠤ᠂ ᠬᠣᠶᠠᠳᠤᠭᠠᠷ ᠤᠯᠠᠷᠢᠯ ᠳᠤ ᠪᠠᠭᠲᠠᠭᠠᠨ ᠪᠠᠷᠢᠵᠤ ᠡᠬᠢᠯᠡᠬᠦ ᠪᠡᠷ ᠪᠣᠯᠵᠠᠢ᠃

ᠲᠡᠭᠦᠨᠴᠢᠯᠡᠨ ᠭᠠᠰᠢᠭᠤᠨᠰᠤᠬᠠᠢᠲᠤ-ᠭᠠᠭᠴᠠ ᠮᠣᠳᠣ ᠪᠣᠭᠣᠮᠲᠠ ᠶᠢᠨ ᠬᠢᠯᠢ ᠨᠡᠪᠲᠡᠷᠡᠬᠦ ᠴᠡᠭ᠂ ᠰᠢᠯᠵᠢᠭᠦᠯᠦᠨ ᠠᠴᠢᠬᠤ ᠪᠠᠶᠢᠭᠤᠯᠤᠮᠵᠢ ᠪᠠᠷᠢᠬᠤ ᠲᠠᠯ᠎ᠠ ᠪᠠᠷ ᠬᠢᠲᠠᠳ ᠤᠨ ᠲᠠᠯ᠎ᠠ ᠲᠠᠢ ᠡᠨᠡ ᠰᠠᠷ᠎ᠠ ᠳᠤ ᠬᠠᠷᠢᠯᠴᠠᠨ ᠲᠣᠬᠢᠷᠠᠯᠴᠠᠬᠤ᠂ ᠪᠣᠭᠣᠮᠲᠠ ᠲᠠᠢ ᠬᠣᠯᠪᠣᠭᠠ ᠲᠠᠢ ᠠᠰᠠᠭᠤᠳᠠᠯ ᠢ︽ᠮᠣᠩᠭᠣᠯ-ᠬᠢᠲᠠᠳ ᠤᠨ ᠬᠢᠯᠢ ᠶᠢᠨ ᠲᠡᠮᠦᠷ ᠵᠠᠮ ᠤᠨ ᠬᠡᠯᠡᠯᠴᠡᠭᠡᠷ︾ ᠲᠤ ᠡᠨᠡ ᠣᠨ ᠳᠤ ᠨᠡᠮᠡᠯᠲᠡ ᠪᠡᠷ ᠲᠤᠰᠬᠠᠬᠤ ᠶᠢ ᠬᠣᠯᠪᠣᠭᠳᠠᠬᠤ ᠰᠠᠶᠢᠳ ᠨᠠᠷ ᠲᠤ ᠳᠠᠭᠠᠭᠠᠯᠭᠠᠪᠠ᠃

ᠰᠡᠳᠬᠢᠭᠳᠡᠯ ᠦᠯᠡᠳᠡᠭᠡᠬᠦ