ᠡᠨᠡᠳᠬᠡᠭ ᠲᠦ ᠺᠣᠺᠰᠵᠢᠬᠤ ᠨᠡᠭᠦᠷᠡᠰᠦ ᠨᠡᠶᠢᠯᠡᠭᠦᠯᠬᠦ ᠲᠠᠯ᠎ᠠ ᠪᠠᠷ ᠶᠠᠷᠢᠯᠴᠠᠯ᠎ᠠ  | News.MN

ᠡᠨᠡᠳᠬᠡᠭ ᠲᠦ ᠺᠣᠺᠰᠵᠢᠬᠤ ᠨᠡᠭᠦᠷᠡᠰᠦ ᠨᠡᠶᠢᠯᠡᠭᠦᠯᠬᠦ ᠲᠠᠯ᠎ᠠ ᠪᠠᠷ ᠶᠠᠷᠢᠯᠴᠠᠯ᠎ᠠ 

ᠮᠣᠩᠭᠣᠯ ᠤᠯᠤᠰ ᠠᠴᠠ ᠡᠨᠡᠳᠬᠡᠭ ᠤᠯᠤᠰ ᠲᠤ ᠺᠣᠺᠰᠵᠢᠬᠤ ᠨᠡᠭᠦᠷᠡᠰᠦ ᠨᠡᠶᠢᠯᠡᠭᠦᠯᠬᠦ ᠬᠠᠮᠲᠤᠷᠠᠭᠰᠠᠨ ᠠᠵᠢᠯ ᠤᠨ ᠬᠡᠰᠡᠭ ᠢ ᠪᠠᠶᠢᠭᠤᠯᠤᠨ ᠠᠩᠬᠠᠨ ᠤ ᠠᠭᠤᠯᠵᠠᠯᠲᠠ ᠶᠢ ᠴᠠᠬᠢᠮ ᠢᠶᠠᠷ ᠬᠢᠪᠡ᠃ ᠠᠭᠤᠯᠵᠠᠯᠲᠠ ᠪᠠᠷ ᠲᠠᠪᠤᠨᠲᠣᠯᠣᠭᠠᠢ ᠶᠢᠨ ᠨᠡᠭᠦᠷᠡᠰᠦᠨ ᠦ ᠥᠨᠥ ᠶᠢᠨ ᠨᠥᠬᠥᠴᠡᠯ ᠪᠠᠶᠢᠳᠠᠯ᠂ ᠡᠨᠡᠳᠬᠡᠭ ᠤᠷᠤᠭᠤ ᠨᠡᠶᠢᠯᠡᠭᠦᠯᠬᠦ ᠮᠠᠷᠱᠷᠦ᠋ᠲ᠂ ᠲᠡᠭᠡᠭᠡᠪᠦᠷᠢ᠂  ᠯᠤᠵᠢᠰᠲ᠋ᠢᠺ ᠪᠣᠯᠤᠨ ᠪᠤᠰᠤᠳ ᠠᠰᠠᠭᠤᠳᠠᠯ ᠤᠨ ᠲᠠᠯ᠎ᠠ ᠪᠠᠷ ᠰᠠᠨᠠᠯ ᠰᠤᠯᠢᠯᠴᠠᠪᠠ᠃

ᠠᠭᠤᠯᠵᠠᠯᠲᠠ ᠳᠤ ᠮᠣᠩᠭᠣᠯ ᠤᠨ ᠲᠠᠯ᠎ᠠ ᠠᠴᠠ ᠠᠭᠤᠯᠠ ᠠᠭᠤᠷᠬᠠᠢ ᠶᠢᠨ ᠶᠠᠮᠤᠨ᠂  ᠡᠨᠡᠳᠬᠡᠭ ᠳᠠᠬᠢ ᠮᠣᠩᠭᠣᠯ ᠤᠯᠤᠰ ᠤᠨ ᠡᠯᠴᠢᠨ ᠰᠠᠶᠢᠳ ᠤᠨ ᠶᠠᠮᠤᠨ᠂ ᠵᠠᠮ᠂ ᠲᠡᠭᠡᠭᠡᠪᠦᠷᠢ ᠬᠦᠭᠵᠢᠯ ᠦᠨ ᠶᠠᠮᠤᠨ᠂ ︽ᠡᠷᠳᠡᠨᠢᠰ ᠲᠠᠪᠤᠨᠲᠣᠯᠣᠭᠠᠢ︾ ᠺᠤᠮᠫᠠᠨᠢ᠂ ᠮᠣᠩᠭᠣᠯ ᠤᠯᠤᠰ ᠳᠠᠬᠢ ᠡᠨᠡᠳᠬᠡᠭ ᠍ ᠤᠨ ᠡᠯᠴᠢᠨ ᠰᠠᠶᠢᠳ ᠤᠨ ᠶᠠᠮᠤᠨ ᠪᠣᠯᠤᠨ RINL᠂ SAIL᠂ Tata Steel Ltd ᠵᠡᠷᠭᠡ ᠲᠣᠮᠣᠬᠠᠨ ᠺᠣᠮᠫᠠᠨᠢ ᠶᠢᠨ ᠲᠥᠯᠥᠭᠡᠯᠡᠭᠴᠢᠳ ᠣᠷᠣᠯᠴᠠᠯ᠎ᠠ᠃

ᠰᠡᠳᠬᠢᠭᠳᠡᠯ ᠦᠯᠡᠳᠡᠭᠡᠬᠦ

1 ᠰᠡᠳᠬᠢᠭᠳᠡᠯ

Avatar

амгалан 2021-03-31 192.82.67.52

босоогоор нь бичиж болохгүй юу