ᠮᠣᠩᠭᠣᠯ ᠤᠨ ᠤᠷᠠᠨ ᠪᠦᠲᠦᠭᠡᠯᠴᠢᠳ ᠦᠨ ᠦᠵᠡᠰᠬᠦᠯᠡᠩ ᠮᠣᠰᠺᠸᠠ ᠳᠤ ᠨᠡᠭᠡᠭᠡᠭᠳᠡᠯ᠎ᠡ  | News.MN

ᠮᠣᠩᠭᠣᠯ ᠤᠨ ᠤᠷᠠᠨ ᠪᠦᠲᠦᠭᠡᠯᠴᠢᠳ ᠦᠨ ᠦᠵᠡᠰᠬᠦᠯᠡᠩ ᠮᠣᠰᠺᠸᠠ ᠳᠤ ᠨᠡᠭᠡᠭᠡᠭᠳᠡᠯ᠎ᠡ 

 

ᠣᠷᠣᠰ ᠤᠨ ᠰᠤᠶᠤᠯ ᠤᠨ ᠶᠠᠮᠤᠨ᠂ ᠳᠤᠷᠤᠨᠠᠳᠠᠬᠢᠨ ᠤ ᠤᠯᠤᠰ ᠤᠨ ᠮᠦᠽᠧᠢ  ᠶᠢᠨ ᠰᠠᠨᠠᠭᠠᠴᠢᠯᠠᠭ᠎ᠠ ᠪᠠᠷ︽ᠡᠷᠡᠨ ᠦᠶ᠎ᠡ ᠶᠢᠨ ᠵᠠᠭᠠᠭ ᠳᠡᠭᠡᠷᠡᠬᠢ ᠮᠣᠩᠭᠣᠯ ᠣᠷᠣᠨ︾ᠰᠡᠳᠦᠪᠲᠦ ᠮᠣᠩᠭᠣᠯ ᠤᠨ ᠦᠶ᠎ᠡ ᠦᠶ᠎ᠡ ᠶᠢᠨ ᠤᠷᠠᠨ ᠪᠦᠲᠦᠭᠡᠯᠴᠢᠳ ᠦᠨ ᠰᠢᠯᠢᠮᠡᠯ ᠪᠦᠲᠦᠭᠡᠯ ᠦᠨ ᠦᠵᠡᠰᠬᠦᠯᠡᠩ 2021 ᠣᠨ ᠤ ᠭᠤᠷᠪᠠᠳᠤᠭᠠᠷ ᠰᠠᠷ᠎ᠠ ᠶᠢᠨ 18 ᠍ ᠤ ᠡᠳᠦᠷ ᠮᠣᠰᠺᠸᠠ ᠬᠣᠲᠠ ᠳᠠᠬᠢ  ᠳᠤᠷᠤᠨᠠᠳᠠᠬᠢᠨ ᠤ ᠠᠷᠠᠳ ᠲᠦᠮᠡᠨ ᠨᠦᠭᠦᠳ ᠦᠨ ᠤᠷᠠᠯᠢᠭ ᠤᠨ ᠮᠦᠽᠧᠢ ᠶᠢᠨ ᠲᠥᠪ ᠪᠠᠶᠢᠷᠢᠨ ᠳᠤ ᠨᠡᠭᠡᠭᠡᠭᠳᠡᠯ᠎ᠡ᠃
ᠠᠷᠠᠳ ᠤᠨ ᠬᠤᠪᠢᠰᠬᠠᠯ ᠤᠨ 100 ᠵᠢᠯ᠂ ᠮᠣᠩᠭᠣᠯ ᠣᠷᠣᠰ ᠤᠨ ᠬᠣᠭᠣᠷᠣᠨᠳᠣ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 100 ᠵᠢᠯ ᠦᠨ ᠣᠢ ᠳᠤ ᠵᠣᠷᠢᠭᠤᠯᠤᠨ ᠭᠠᠷᠭᠠᠵᠤ ᠪᠠᠶᠢᠭ᠎ᠠ ᠡᠨᠡ ᠦᠵᠡᠰᠬᠦᠯᠡᠩ ᠳᠦ 103 ᠵᠢᠯ ᠦᠨ ᠡᠮᠦᠨ᠎ᠡ ᠪᠠᠶᠢᠭᠤᠯᠤᠭᠳᠠᠭᠰᠠᠨ ᠲᠤᠰ ᠮᠦᠽᠧᠢ ᠶᠢᠨ ᠰᠠᠩ ᠬᠥᠮᠥᠷᠭᠡ ᠳᠦ ᠬᠠᠳᠠᠭᠠᠯᠠᠭᠳᠠᠨ ᠢᠷᠡᠭᠰᠡᠨ ᠮᠣᠩᠭᠣᠯ ᠲᠠᠢ ᠬᠣᠯᠪᠣᠭᠠ ᠲᠠᠢ 2000 ᠣᠷᠴᠢᠮ ᠦᠵᠡᠮᠦᠷᠢ ᠡᠴᠡ ᠳᠡᠭᠡᠵᠢᠯᠡᠨ ᠤᠷᠠᠨ ᠵᠢᠷᠤᠭ᠂ ᠭᠷᠠᠹᠢᠺ ᠵᠢᠷᠤᠭ᠂ ᠤᠷᠠᠨ ᠪᠠᠷᠢᠮᠠᠯ᠂ ᠴᠢᠮᠡᠭᠯᠡᠯ᠂ ᠬᠡᠷᠡᠭᠯᠡᠭᠡᠨ ᠦ ᠤᠷᠠᠯᠢᠭ ᠤᠨ 100 ᠭᠠᠷᠤᠢ ᠬᠣᠪᠣᠷ ᠪᠦᠲᠦᠭᠡᠯ ᠢ ᠳᠡᠯᠭᠡᠵᠦ᠂ ᠶᠡᠬᠡᠩᠬᠢ ᠶᠢ ᠨᠢ ᠠᠩᠬ᠎ᠠ ᠤᠳᠠᠭ᠎ᠠ ᠦᠵᠡᠭᠴᠢᠳ ᠦᠨ ᠬᠦᠷᠲᠡᠭᠡᠯ ᠪᠣᠯᠭᠠᠵᠤ ᠪᠠᠶᠢᠨ᠎ᠠ ᠃ ᠠᠯᠳᠠᠷᠲᠤ ᠵᠠᠨᠠᠪᠠᠽᠠᠷ ᠤᠨ ᠲᠢᠭ ᠰᠤᠷᠭᠠᠯ ᠢᠶᠠᠷ ᠤᠷᠠᠯᠠᠭᠰᠠᠨ ᠪᠤᠷᠬᠠᠳ ᠤᠨ ᠪᠠᠷᠢᠮᠠᠯ᠂ ᠴᠠᠭᠠᠨ᠂ ᠨᠣᠭᠣᠭᠠᠨ  ᠳ᠋ᠠᠷ᠎ᠠ ᠡᠬᠡ ᠡᠴᠡ ᠥᠭᠰᠥᠭᠦᠯᠦᠭᠡᠳ 1940-1970 ᠍ ᠊ᠭᠠᠳ ᠣᠨ ᠤ ᠬᠣᠭᠣᠷᠣᠨᠳᠣ ᠪᠦᠲᠦᠭᠡᠭᠳᠡᠭᠰᠡᠨ ᠠᠤᠭ᠎ᠠ ᠶᠡᠬᠡ ᠣᠷᠣᠨ ᠤ ᠳᠠᠶᠢᠨ ᠤ ᠦᠶ᠎ᠡ ᠶᠢᠨ ᠤᠯᠤᠰ ᠲᠥᠷᠥ ᠶᠢᠨ ᠫᠠᠯᠠᠺᠠᠲ ᠤᠳ᠂ ᠬ∙ᠴᠣᠶᠢᠪᠠᠯᠰᠠᠩ ᠤᠨ ᠴᠡᠭᠡᠵᠢ ᠪᠠᠷᠢᠮᠠᠯ᠂ ᠮᠣᠩᠭᠣᠯ ᠤᠨ ᠤᠷᠠᠨ ᠵᠢᠷᠤᠭ ᠤᠨ ᠲᠣᠮᠣᠬᠠᠨ ᠲᠥᠯᠥᠭᠡᠯᠡᠭᠴᠢᠳ ᠳ∙ᠮᠠᠨᠢᠪᠠᠳᠠᠷ᠎ᠠ᠂ ᠳ∙ ᠳᠠᠮᠳᠢᠨᠰᠦ᠋ᠷᠦᠩ᠂ ᠤ᠊∙ᠢᠳᠠᠮᠰᠦ᠋ᠷᠤᠩ᠂ ᠨ ∙ ᠴᠦᠯᠲᠦᠮ᠂ ᠳ∙ᠠᠮᠤᠭᠤᠯᠠᠩ ᠨᠠᠷ ᠤᠨ ᠤᠷᠠᠨ ᠵᠢᠷᠤᠭ ᠤᠳ᠂ ᠤᠷᠠᠨ ᠪᠠᠷᠢᠮᠠᠯᠴᠢ ᠨ∙ᠵᠠᠮᠪᠠ ᠨᠠᠷ ᠤᠨ ᠪᠦᠲᠦᠭᠡᠯ ᠦᠨ ᠳᠡᠭᠡᠵᠢ ᠡᠴᠡ ᠲᠣᠯᠢᠯᠠᠭᠤᠯᠵᠤ ᠪᠤᠢ ᠃

ᠰᠡᠳᠬᠢᠭᠳᠡᠯ ᠦᠯᠡᠳᠡᠭᠡᠬᠦ