ᠣ᠊ ∙ᠴᠤᠭᠲᠤᠭᠡᠷᠠᠯ ᠪᠣᠯ ᠵᠦᠢ ᠶᠣᠰᠣᠨ ᠤ ᠨᠠᠮ ᠤᠨ ᠳᠠᠷᠤᠭ᠎ᠠ  | News.MN

ᠣ᠊ ∙ᠴᠤᠭᠲᠤᠭᠡᠷᠠᠯ ᠪᠣᠯ ᠵᠦᠢ ᠶᠣᠰᠣᠨ ᠤ ᠨᠠᠮ ᠤᠨ ᠳᠠᠷᠤᠭ᠎ᠠ 

 

ᠬᠣᠶᠠᠷ ᠲᠠᠯ᠎ᠠ ᠳᠤ ᠬᠤᠪᠢᠶᠠᠭᠳᠠᠭᠠᠳ ᠪᠤᠢ ᠠᠷᠠᠳᠴᠢᠯᠠᠭᠰᠠᠨ ᠨᠠᠮ ᠤᠷᠵᠢᠳᠤᠷ ᠬᠣᠶᠠᠭᠤᠯᠠ ᠪᠠᠨ ᠨᠠᠮ ᠤᠨ ᠳᠠᠷᠤᠭ᠎ᠠ ᠪᠠᠨ ᠰᠣᠩᠭᠣᠬᠤ ᠰᠣᠩᠭᠣᠭᠤᠯᠢ ᠪᠠᠨ ᠵᠣᠬᠢᠶᠠᠨ ᠪᠠᠶᠢᠭᠤᠯᠤᠭᠰᠠᠨ᠃ ᠰ ∙ ᠡᠷᠳᠡᠨᠢ ᠶᠢᠨ ᠲᠡᠷᠢᠭᠦᠯᠡᠵᠦ ᠪᠤᠢ  ᠠᠷᠠᠳᠴᠢᠯᠠᠭᠰᠠᠨ ᠨᠠᠮ᠍ ᠤᠨ ᠳᠠᠷᠤᠭ᠎ᠠ ᠪᠠᠷ ᠨᠡᠶᠢᠰᠯᠡᠯ ᠦᠨ ᠢᠷᠭᠡᠳ ᠦᠨ ᠲᠥᠯᠦᠭᠡᠯᠡᠭᠴᠢᠳ ᠦᠨ ᠬᠤᠷᠠᠯ ᠤᠨ ᠲᠥᠯᠦᠭᠡᠯᠡᠭᠴᠢ ᠮ ∙ ᠲᠤᠯᠭᠠᠲᠤ ᠰᠣᠩᠭᠣᠭᠳᠠᠭᠰᠠᠨ ᠪᠣᠯ  ᠴ ∙ ᠲᠤᠪᠠᠨ ᠤ ᠲᠡᠷᠢᠭᠦᠯᠡᠵᠦ ᠪᠤᠢ ᠠᠷᠠᠳᠴᠢᠯᠠᠭᠰᠠᠨ ᠨᠠᠮ᠍ ᠤᠨ ᠳᠠᠷᠤᠭ᠎ᠠ ᠪᠠᠷ ᠤᠯᠤᠰ ᠤᠨ ᠶᠡᠬᠡ ᠬᠤᠷᠠᠯ ᠤᠨ ᠭᠡᠰᠢᠭᠦᠨ ᠣ᠊ ∙ ᠴᠤᠭᠲᠤᠭᠡᠷᠠᠯ ᠰᠣᠩᠭᠣᠭᠳᠠᠭᠰᠠᠨ ᠶᠤᠮ᠃

ᠡᠭᠦᠨ ᠲᠡᠢ ᠬᠣᠯᠪᠣᠭᠳᠠᠭᠤᠯᠤᠨ ᠠᠷᠠᠳᠴᠢᠯᠠᠭᠰᠠᠨ ᠍ ᠤᠨ ᠳᠣᠲᠣᠭᠠᠳᠤ ᠰᠣᠩᠭᠣᠭᠤᠯᠢ ᠶᠢᠨ ᠬᠣᠷᠢᠶᠠᠨ ᠤ ᠳᠠᠷᠤᠭ᠎ᠠ ᠢ᠊∙ᠮᠥᠩᠬᠡᠵᠢᠷᠭᠠᠯ ᠄ ᠣ᠊∙ᠴᠤᠭᠲᠤᠭᠡᠷᠠᠯ ᠬᠠᠮᠤᠭ ᠤᠨ ᠥᠨᠳᠥᠷ ᠰᠠᠨᠠᠯ ᠠᠪᠴᠤ ᠨᠠᠮ ᠤᠨ ᠳᠠᠷᠤᠭ᠎ᠠ ᠪᠠᠷ ᠰᠣᠩᠭᠣᠭᠳᠠᠯ᠎ᠠ᠃ ᠬᠠᠮᠤᠭ ᠤᠨ ᠥᠨᠳᠥᠷ ᠰᠠᠨᠠᠯ ᠠᠪᠤᠭᠰᠠᠨ ᠨᠡᠷ᠎ᠡ ᠳᠡᠪᠰᠢᠭᠴᠢ ᠶᠢ ᠨᠠᠮ ᠤᠨ ᠶᠡᠬᠡ ᠬᠤᠷᠠᠯ ᠳᠤ ᠲᠠᠨᠢᠯᠴᠠᠭᠤᠯᠵᠤ ᠪᠠᠲᠤᠯᠠᠮᠵᠢᠯᠠᠳᠠᠭ᠃ ᠡᠭᠦᠨ ᠦ ᠳᠠᠭᠠᠤ ᠳᠣᠲᠣᠭᠠᠳᠤ ᠰᠣᠩᠭᠣᠭᠤᠯᠢ ᠶᠢᠨ ᠬᠣᠷᠢᠶᠠᠨ ᠠᠴᠠ ᠣ᠊ ∙ ᠴᠤᠭᠲᠤᠭᠡᠷᠠᠯ ᠢ ᠠᠷᠠᠳᠴᠢᠯᠠᠭᠰᠠᠨ ᠨᠠᠮ ᠍ ᠤᠨ ᠶᠡᠬᠡ ᠬᠤᠷᠠᠯ ᠳᠤ ᠡᠷᠭᠦᠨ ᠮᠡᠳᠡᠭᠦᠯᠦᠨ᠎ᠡ᠃ ᠶᠡᠬᠡ ᠬᠤᠷᠠᠯ ᠠᠴᠠ ᠶᠣᠰᠣᠴᠢᠯᠠᠨ ᠪᠠᠲᠤᠯᠠᠭᠰᠠᠨ ᠤ ᠳᠠᠷᠠᠭ᠎ᠠ ᠨᠠᠮ ᠤᠨ ᠳᠠᠷᠤᠭ᠎ᠠ ᠪᠠᠨ ᠤᠯᠤᠰ ᠤᠨ ᠳᠡᠭᠡᠳᠦ ᠰᠢᠭᠦᠬᠦ ᠳᠦ ᠪᠦᠷᠢᠳᠬᠡᠭᠦᠯᠳᠡᠭ᠃ ᠨᠥᠭᠥᠭᠡ ᠲᠠᠯ᠎ᠠ ᠳᠤ ᠪᠠᠰᠠ ᠰᠣᠩᠭᠣᠭᠤᠯᠢ ᠪᠣᠯᠤᠭᠰᠠᠨ ᠭᠡᠵᠦ ᠶᠠᠷᠢᠵᠤ ᠪᠠᠶᠢᠭ᠎ᠠ᠃ ᠭᠡᠪᠡᠴᠦ ᠦᠨᠳᠦᠰᠦᠨ ᠳᠦᠷᠢᠮ ᠢᠶᠡᠨ ᠳᠡᠭᠡᠳᠦ ᠰᠢᠭᠦᠬᠦ ᠳᠦ ᠪᠦᠷᠢᠳᠬᠡᠭᠦᠯᠦᠭᠰᠡᠨ ᠠᠷᠠᠳᠴᠢᠯᠠᠭᠰᠠᠨ ᠨᠠᠮ ᠳᠣᠲᠣᠭᠠᠳᠤ ᠰᠣᠩᠭᠣᠭᠤᠯᠢ ᠪᠠᠨ ᠵᠣᠬᠢᠶᠠᠨ ᠪᠠᠶᠢᠭᠤᠯᠵᠤ᠂ ᠳᠠᠷᠤᠭ᠎ᠠ ᠪᠠᠨ ᠲᠣᠳᠣᠷᠠᠭᠤᠯᠤᠭᠠᠳ ᠪᠠᠶᠢᠨ᠎ᠠ᠃ ᠨᠠᠮ ᠤᠨ ᠳᠠᠷᠤᠭ᠎ᠠ ᠪᠠᠨ ᠪᠥᠷᠢᠳᠬᠡᠭᠦᠯᠬᠦ ᠳᠦ ᠶᠠᠮᠠᠷ ᠨᠢᠭᠡᠨ ᠳᠦᠷᠢᠮ ᠦᠨ ᠵᠥᠷᠢᠴᠡᠯ ᠦᠭᠡᠢ ᠭᠡᠵᠦ ᠦᠵᠡᠵᠦ ᠪᠠᠶᠢᠭ᠎ᠠ ᠤᠴᠢᠷ ᠠᠴᠠ ᠣ᠊ ∙ ᠴᠤᠭᠲᠤᠭᠡᠷᠠᠯ ᠨᠠᠮ ᠢᠶᠠᠨ ᠤᠳᠤᠷᠢᠳᠬᠤ ᠵᠦᠢ ᠶᠣᠰᠣᠨ ᠤ ᠨᠠᠮ ᠤᠨ ᠳᠠᠷᠤᠭ᠎ᠠ ᠭᠡᠵᠦ ᠦᠵᠡᠵᠦ ᠪᠠᠶᠢᠨ᠎ᠠ ᠭᠡᠯ᠎ᠡ᠃

ᠰᠡᠳᠬᠢᠭᠳᠡᠯ ᠦᠯᠡᠳᠡᠭᠡᠬᠦ