ᠮᠠᠯᠴᠢᠳ ᠤᠨ ᠢᠮ᠂ ᠲᠠᠮᠠᠭᠠᠨ ᠤ ᠯᠠᠪᠯᠠᠬᠤ ᠭᠠᠷᠭᠠᠵᠠᠢ  | News.MN

ᠮᠠᠯᠴᠢᠳ ᠤᠨ ᠢᠮ᠂ ᠲᠠᠮᠠᠭᠠᠨ ᠤ ᠯᠠᠪᠯᠠᠬᠤ ᠭᠠᠷᠭᠠᠵᠠᠢ 

ᠳᠤᠮᠳᠠᠭᠤᠪᠢ ᠠᠶᠢᠮᠠᠭ ᠤᠨ ᠪᠠᠶᠠᠨᠵᠢᠷᠭᠠᠯᠠᠩ ᠰᠤᠮᠤ ᠶᠢᠨ ᠢᠷᠭᠡᠳ ᠦᠨ ᠲᠥᠯᠥᠭᠡᠯᠡᠭᠴᠢᠳ ᠦᠨ ᠬᠤᠷᠠᠯ ᠭᠡᠮᠲᠦ ᠬᠡᠷᠡᠭ ᠡᠴᠡ ᠤᠷᠢᠳᠴᠢᠯᠠᠨ ᠰᠡᠷᠭᠡᠶᠢᠯᠡᠬᠦ ᠠᠵᠢᠯ ᠢ ᠵᠣᠬᠢᠶᠠᠨ ᠪᠠᠶᠢᠭᠤᠯᠬᠤ ᠰᠠᠯᠪᠤᠷᠢ ᠵᠥᠪᠯᠡᠯ ᠡᠴᠡ ᠰᠠᠨᠠᠭᠠᠴᠢᠯᠠᠨ ︽ᠪᠠᠶᠠᠨᠵᠢᠷᠭᠠᠯᠠᠩ ᠰᠤᠮᠤ ᠶᠢᠨ ᠮᠠᠯᠴᠢᠳ ᠤᠨ ᠢᠮ᠂ ᠲᠠᠮᠠᠭᠠᠨ ᠤ ᠮᠡᠳᠡᠭᠡᠯᠡᠯ︾ᠯᠠᠪᠯᠠᠬᠤ ᠭᠠᠷᠭᠠᠵᠠᠢ᠃
ᠮᠠᠯᠴᠢᠳ ᠰᠤᠮᠤ ᠶᠢᠨ ᠢᠶᠠᠨ ᠪᠤᠰᠤᠳ ᠠᠶᠢᠯ ᠤᠨ ᠮᠠᠯ ᠤᠨ ᠢᠮ᠂ ᠲᠠᠮᠠᠭ᠎ᠠ ᠶᠢ ᠮᠡᠳᠡᠵᠦ ᠠᠪᠤᠭᠰᠠᠨ ᠢᠶᠠᠷ ᠬᠤᠯᠠᠭᠠᠢ ᠳᠤ ᠠᠯᠳᠠᠭᠳᠠᠬᠤ᠂ ᠴᠠᠭ ᠤᠨ ᠮᠠᠭᠤ ᠳᠤ ᠮᠠᠯ ᠤᠷᠤᠭᠤᠳᠠᠬᠤ᠂ ᠠᠯᠠᠭ᠎ᠠ ᠪᠣᠯᠬᠤ ᠳᠤ ᠬᠠᠷᠢᠯᠴᠠᠨ ᠤᠲᠠᠰᠤ ᠪᠠᠷ ᠮᠡᠳᠡᠭᠡ ᠥᠭᠴᠦ᠂  ᠲᠤᠰᠠᠯᠠᠬᠤ ᠵᠣᠷᠢᠯᠭ᠎ᠠ ᠲᠠᠢ ᠶᠤᠮ᠃ ᠡᠨᠡ ᠯᠠᠪᠯᠠᠬᠤ ᠳᠤ 244 ᠮᠠᠯᠴᠢᠨ ᠡᠷᠦᠬᠡ ᠶᠢᠨ ᠮᠡᠳᠡᠭᠡᠯᠡᠯ ᠪᠠᠭᠲᠠᠭᠰᠠᠨ ᠪᠠ ᠡᠳᠡᠭᠡᠷ ᠡᠷᠦᠬᠡ ᠨᠦᠭᠦᠳ ᠨᠢ ᠬᠥᠨᠳᠡᠯᠢ ᠲᠡᠢ ᠴᠢᠨᠳᠠᠮᠤᠨᠢ᠂ ᠰᠡᠷᠡᠭᠡ᠂ ᠬᠠᠩᠬᠠᠷ ᠰᠠᠷᠠ᠂ ᠠᠯᠤᠬ᠎ᠠ᠂ ᠳᠠᠩ ᠰᠠᠷᠠ᠂ ᠰᠠᠷᠠᠨ ᠳᠡᠪᠢᠰᠬᠡᠷ ᠲᠡᠢ ᠵᠢᠷᠦᠬᠡ᠂ ᠲᠠᠩᠭᠤᠳ ᠮᠠ᠂ ᠨᠠᠷᠠ ᠰᠠᠷᠠ᠂ ᠳᠠᠩ ᠰᠠᠷᠠ᠂ ᠴᠣᠶᠢᠵᠣᠩ ᠵᠡᠷᠭᠡ 42 ᠲᠥᠷᠥᠯ ᠦᠨ ᠲᠠᠮᠠᠭ᠎ᠠ᠂ 13 ᠲᠥᠷᠥᠯ ᠦᠨ ᠢᠮ ᠪᠤᠶᠤ ᠴᠢᠬᠢᠯ ᠡᠴᠡ ᠬᠡᠷᠡᠭᠯᠡᠳᠡᠭ ᠠᠵᠠᠢ᠃

ᠰᠡᠳᠬᠢᠭᠳᠡᠯ ᠦᠯᠡᠳᠡᠭᠡᠬᠦ