ᠮᠣᠩᠭᠣᠯ ᠤᠨ ᠴᠠᠬᠢᠮ ᠭᠦᠶᠦᠭᠴᠢᠳ ᠳᠡᠯᠡᠬᠡᠢ ᠶᠢ 11.6 ᠤᠳᠠᠭ᠎ᠠ ᠲᠤᠭᠤᠷᠢᠬᠤ ᠵᠠᠢ ᠶᠢ ᠲᠤᠭᠤᠯᠤᠯ᠎ᠠ  | News.MN

ᠮᠣᠩᠭᠣᠯ ᠤᠨ ᠴᠠᠬᠢᠮ ᠭᠦᠶᠦᠭᠴᠢᠳ ᠳᠡᠯᠡᠬᠡᠢ ᠶᠢ 11.6 ᠤᠳᠠᠭ᠎ᠠ ᠲᠤᠭᠤᠷᠢᠬᠤ ᠵᠠᠢ ᠶᠢ ᠲᠤᠭᠤᠯᠤᠯ᠎ᠠ 

 

ᠬᠣᠶᠠᠷ ᠳᠣᠯᠣᠭ᠎ᠠ ᠬᠣᠨᠣᠭ ᠤᠨ ᠲᠤᠷᠰᠢ ᠦᠷᠭᠦᠯᠵᠢᠯᠡᠭᠰᠡᠨ︽ᠡᠷᠡᠭᠦᠯ ᠮᠡᠨᠳᠦ ᠶᠢᠨ ᠴᠠᠬᠢᠮ ᠭᠦᠶᠦᠯᠲᠡ-2021︾ ᠠᠷᠭ᠎ᠠ ᠬᠡᠮᠵᠢᠶᠡᠨ ᠳᠦ 25895 ᠢᠷᠭᠡᠨ ᠣᠷᠣᠯᠴᠠᠵᠤ᠂ 466839 ᠺᠢᠯᠣᠮᠧᠲ᠋ᠷ ᠵᠠᠮ ᠲᠤᠭᠤᠯᠵᠠᠢ᠃ ᠡᠨᠡ ᠨᠢ ᠳᠡᠯᠡᠬᠡᠢ ᠶᠢ 11.6 ᠤᠳᠠᠭ᠎ᠠ ᠲᠣᠭᠣᠷᠢᠭᠰᠠᠨ ᠲᠠᠢ ᠲᠡᠩᠴᠡᠬᠦ ᠮᠥᠨ ᠳᠡᠯᠡᠬᠡᠢ ᠡᠴᠡ ᠰᠠᠷᠠᠨ ᠳᠤ ᠢᠷᠡᠵᠦ᠂ ᠣᠴᠢᠬᠤ ᠵᠠᠢ ᠶᠤᠮ᠃ ᠭᠣᠪᠢ-ᠠᠯᠲᠠᠢ ᠠᠶᠢᠮᠠᠭ ᠤᠨ ᠭᠦᠶᠦᠭᠴᠢᠳ ᠡᠨᠡ ᠰᠠᠷ᠎ᠠ ᠶᠢᠨ 28 ᠍ ᠤ ᠡᠳᠦᠷ ᠦᠨ 00᠄00 ᠴᠠᠭ ᠤᠨ ᠪᠠᠶᠢᠳᠠᠯ ᠢᠶᠠᠷ 86645 ᠺᠢᠯᠣᠮᠧᠲ᠋ᠷ ᠵᠠᠮ ᠲᠤᠭᠤᠯᠵᠤ᠂ ᠠᠶᠢᠮᠠᠭ᠂ ᠳᠡᠭᠦᠷᠭᠡ ᠶᠢᠨ ᠭᠷᠦ᠋ᠫ ᠢ ᠬᠣᠰᠢᠭᠤᠴᠢᠯᠠᠯ᠎ᠠ᠃
ᠭᠣᠪᠢ-ᠠᠯᠲᠠᠢ ᠠᠶᠢᠮᠠᠭ ᠠᠴᠠ 3825 ᠢᠷᠭᠡᠨ ᠴᠠᠬᠢᠮ ᠭᠦᠶᠦᠯᠲᠡ ᠳᠦ ᠬᠠᠮᠤᠷᠤᠭᠳᠠᠵᠤ᠂ ᠬᠠᠮᠤᠭ ᠤᠨ ᠣᠯᠠᠨ ᠣᠷᠣᠯᠴᠠᠭᠴᠢ ᠲᠠᠢ ᠠᠶᠢᠮᠠᠭ ᠢᠶᠠᠷ ᠰᠢᠯᠭᠠᠷᠠᠯ᠎ᠠ᠃ ᠤᠯᠤᠰ ᠣᠷᠣᠨ ᠳᠠᠶᠠᠭᠠᠷ ᠠᠩᠬ᠎ᠠ ᠤᠳᠠᠭ᠎ᠠ ᠵᠣᠬᠢᠶᠠᠨ ᠪᠠᠶᠢᠭᠤᠯᠤᠭᠳᠠᠭᠰᠠᠨ︽ᠡᠷᠡᠭᠦᠯ ᠮᠡᠨᠳᠦ ᠶᠢᠨ ᠴᠠᠬᠢᠮ ᠭᠦᠶᠦᠯᠲᠡ-2021︾ ᠦᠢᠯᠡ ᠠᠵᠢᠯᠯᠠᠭᠠᠨ ᠳᠤ ᠣᠷᠣᠯᠴᠠᠭᠴᠢᠳ ᠤᠨ ᠲᠣᠭ᠎ᠠ 26000 ᠪᠣᠯᠵᠤ ᠥᠷᠭᠡᠵᠢᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ