ᠠᠷᠤᠬᠠᠩᠭᠠᠢ ᠳᠤ ᠬᠥᠯ ᠬᠤᠷᠢᠭ᠎ᠠ ᠶᠢ ᠳ᠋ᠷᠤᠨ ᠢᠶᠠᠷ ᠬᠢᠨᠠᠵᠤ ᠪᠠᠶᠢᠨ᠎ᠠ  | News.MN

ᠠᠷᠤᠬᠠᠩᠭᠠᠢ ᠳᠤ ᠬᠥᠯ ᠬᠤᠷᠢᠭ᠎ᠠ ᠶᠢ ᠳ᠋ᠷᠤᠨ ᠢᠶᠠᠷ ᠬᠢᠨᠠᠵᠤ ᠪᠠᠶᠢᠨ᠎ᠠ 

 

ᠺᠣᠸᠢᠳ-19 ᠬᠠᠯᠳᠠᠪᠤᠷᠢ  ᠶᠢ ᠪᠣᠭᠣᠨᠢ ᠬᠤᠭᠤᠴᠠᠭᠠᠨ ᠳᠤ ᠬᠤᠮᠢᠬᠤ ᠵᠣᠷᠢᠯᠭ᠎ᠠ ᠪᠠᠷ ᠠᠷᠤᠬᠠᠩᠭᠠᠢ ᠠᠶᠢᠮᠠᠭ ᠤᠨ ᠵᠠᠰᠠᠭ ᠳᠠᠷᠤᠭ᠎ᠠ ᠶᠢᠨ ᠵᠠᠬᠢᠷᠤᠮᠵᠢ ᠪᠠᠷ ᠬᠥᠯ ᠬᠣᠷᠢᠭ᠎ᠠ ᠲᠣᠭᠲᠠᠭᠠᠭᠰᠠᠨ ᠪᠠᠶᠢᠨ᠎ᠠ᠃ ᠲᠡᠳᠡ ᠢᠷᠭᠡᠳ ᠦᠨ ᠬᠥᠳᠡᠯᠭᠡᠭᠡᠨ ᠢ ᠳ᠋ᠷᠤᠨ  ᠢᠶᠠᠷ ᠬᠢᠨᠠᠵᠤ᠂ ᠬᠥᠯ ᠬᠣᠷᠢᠭᠠᠨ ᠤ ᠳᠢᠭᠯᠢᠮ ᠵᠥᠷᠢᠴᠡᠵᠦ ᠪᠤᠢ ᠬᠦᠮᠦᠰ ᠲᠦ ᠠᠩᠬᠠᠷᠤᠭᠤᠯᠭ᠎ᠠ ᠥᠭᠴᠦ ᠠᠵᠢᠯᠯᠠᠵᠤ ᠪᠠᠶᠢᠭ᠎ᠠ ᠶᠤᠮ᠃ ᠰᠡᠭᠦᠯ ᠦᠨ 24 ᠴᠠᠭ ᠤᠨ ᠰᠢᠨᠵᠢᠯᠡᠭᠡ ᠪᠡᠷ ᠲᠤᠰ ᠠᠶᠢᠮᠠᠭ ᠳᠠᠬᠢ ᠳᠣᠲᠣᠭᠠᠳᠤ ᠶᠢᠨ ᠬᠠᠯᠳᠠᠪᠤᠷᠢ ᠶᠢᠨ ᠲᠣᠬᠢᠶᠠᠯᠳᠤᠯ ᠳᠥᠷᠪᠡ ᠪᠡᠷ ᠨᠡᠮᠡᠭᠳᠡᠵᠦ᠂ 41 ᠪᠣᠯᠵᠠᠢ᠃

ᠰᠡᠳᠬᠢᠭᠳᠡᠯ ᠦᠯᠡᠳᠡᠭᠡᠬᠦ