︽ᠨᠢᠭᠡ ᠮᠢᠩᠭᠠᠲᠤ ᠨᠢᠭᠡ ᠠᠭᠲᠠ︾ᠠᠶᠠᠨ ᠳᠤ ᠮᠠᠯᠴᠢᠳ ᠨᠢᠭᠡᠳᠴᠡᠢ  | News.MN

︽ᠨᠢᠭᠡ ᠮᠢᠩᠭᠠᠲᠤ ᠨᠢᠭᠡ ᠠᠭᠲᠠ︾ᠠᠶᠠᠨ ᠳᠤ ᠮᠠᠯᠴᠢᠳ ᠨᠢᠭᠡᠳᠴᠡᠢ 

ᠰᠡᠯᠡᠩᠭᠡ ᠠᠶᠢᠮᠠᠭ ᠤᠨ ᠬᠢᠯᠢ ᠬᠠᠮᠠᠭᠠᠯᠠᠯᠲᠠ ᠳᠤ ᠲᠤᠰᠠᠯᠠᠬᠤ ᠬᠦᠴᠦᠨ ᠦ ᠵᠥᠪᠯᠡᠯ ᠦᠨ ᠬᠠᠮᠲᠤ ᠶᠢᠨ ᠠᠵᠢᠯᠯᠠᠭᠠᠨ ᠤ ᠬᠦᠷᠢᠶᠡᠨ ᠳᠦ︽ᠨᠢᠭᠡ ᠮᠢᠩᠭᠠᠲᠤ ᠨᠢᠭᠡ ᠠᠭᠲᠠ︾ᠠᠶᠠᠨ ᠰᠡᠯᠡᠩᠭᠡ ᠠᠶᠢᠮᠠᠭ ᠲᠤ ᠥᠷᠨᠢᠵᠦ ᠪᠠᠶᠢᠨ᠎ᠠ᠃ ᠵᠢᠯ ᠪᠦᠷᠢ ᠤᠯᠠᠮᠵᠢᠯᠠᠯ ᠪᠣᠯᠤᠨ ᠵᠣᠬᠢᠶᠠᠨ ᠪᠠᠶᠢᠭᠤᠯᠳᠠᠭ ᠡᠨᠡ ᠦᠢᠯᠡ ᠠᠵᠢᠯᠯᠠᠭ᠎ᠠ ᠨᠢ ᠬᠢᠯᠢᠴᠢᠳ ᠢ ᠤᠨᠤᠭᠠᠵᠢᠭᠤᠯᠬᠤ ᠳᠤ ᠴᠢᠭᠯᠡᠭᠰᠡᠨ ᠪᠥᠭᠡᠳ ᠬᠢᠯᠢ ᠬᠠᠮᠠᠭᠠᠯᠠᠬᠤ ᠦᠢᠯᠡᠰ ᠲᠦ ᠲᠤᠰᠠᠯᠠᠬᠤ ᠬᠦᠴᠦᠨ ᠦ ᠣᠷᠣᠯᠴᠠᠭ᠎ᠠ ᠨᠡᠩ ᠴᠢᠬᠤᠯᠠ ᠭᠡᠳᠡᠭ ᠢ ᠬᠠᠷᠠᠭᠤᠯᠵᠤ ᠪᠠᠶᠢᠭ᠎ᠠ ᠶᠤᠮ᠃
ᠡᠨᠡ ᠴᠤ ᠤᠳᠬ᠎ᠠ ᠪᠠᠷ ᠢᠶᠠᠨ ᠰᠡᠯᠡᠩᠭᠡ ᠠᠶᠢᠮᠠᠭ ᠤᠨ ᠵᠠᠰᠠᠭ ᠳᠠᠷᠤᠭ᠎ᠠ ᠶᠢᠨ ᠵᠠᠬᠢᠷᠤᠮᠵᠢ ᠪᠠᠷ︽ ᠨᠢᠭᠡ ᠮᠢᠩᠭᠠᠲᠤ ᠨᠢᠭᠡ ᠠᠭᠲᠠ︾ ᠠᠶᠠᠨ ᠦᠷᠭᠦᠯᠵᠢᠯᠡᠭᠰᠡᠭᠡᠷ ᠪᠠᠶᠢᠨ᠎ᠠ᠃ ᠠᠶᠠᠨ ᠳᠤ ᠡᠨᠡ ᠤᠳᠠᠭ᠎ᠠ ᠲᠤᠰ ᠠᠶᠢᠮᠠᠭ ᠤᠨ ᠮᠠᠨᠳᠠᠯ᠂ ᠲᠦᠰᠢᠭ ᠰᠤᠮᠤ ᠶᠢᠨ ᠮᠢᠩᠭᠠᠲᠤ ᠮᠠᠯᠴᠢᠳ ᠨᠢᠭᠡᠳᠴᠡᠢ᠃ ᠲᠡᠳᠡ ᠳᠣᠯᠣᠭᠠᠨ ᠤᠨᠤᠯᠭ᠎ᠠ ᠶᠢᠨ  ᠮᠤᠷᠢ ᠶᠢ ᠰᠡᠯᠡᠩᠭᠡ ᠠᠶᠢᠮᠠᠭ ᠳᠠᠬᠢ ᠬᠢᠯᠢ ᠶᠢᠨ 0243 ᠳ᠋ᠤᠭᠠᠷ ᠠᠩᠭᠢ ᠳᠤ ᠬᠦᠯᠢᠶᠡᠯᠭᠡᠨ ᠥᠭᠭᠦᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ