︽ᠳᠠᠯᠠᠨᠵᠠᠳᠠᠭᠠᠢᠲᠤ ᠶᠢᠨ  ᠦᠳᠡᠰᠢ︾ ᠶᠢ ᠬᠡᠨ ᠰᠠᠶᠢᠨ ᠳᠠᠭᠤᠯᠠᠬᠤ ᠪᠤᠢ ᠴᠠᠬᠢᠮ ᠤᠷᠤᠯᠳᠤᠭᠠᠨ ᠵᠠᠷᠯᠠᠵᠠᠢ  | News.MN

︽ᠳᠠᠯᠠᠨᠵᠠᠳᠠᠭᠠᠢᠲᠤ ᠶᠢᠨ  ᠦᠳᠡᠰᠢ︾ ᠶᠢ ᠬᠡᠨ ᠰᠠᠶᠢᠨ ᠳᠠᠭᠤᠯᠠᠬᠤ ᠪᠤᠢ ᠴᠠᠬᠢᠮ ᠤᠷᠤᠯᠳᠤᠭᠠᠨ ᠵᠠᠷᠯᠠᠵᠠᠢ 

ᠡᠮᠦᠨᠡᠭᠣᠪᠢ ᠠᠢᠮᠠᠭ ᠲᠤ ︽ᠳᠠᠯᠠᠨᠵᠠᠳᠠᠭᠠᠢᠲᠤ ᠶᠢᠨ  ᠦᠳᠡᠰᠢ︾ ᠶᠢ ᠬᠡᠨ ᠰᠠᠶᠢᠨ ᠳᠠᠭᠤᠯᠠᠬᠤ ᠪᠤᠢ ᠴᠠᠬᠢᠮ ᠤᠷᠤᠯᠳᠤᠭᠠᠨ ᠢ ᠵᠣᠬᠢᠶᠠᠭᠴᠢᠳ ᠨᠢ ᠵᠠᠷᠯᠠᠵᠠᠢ᠃ ᠤᠷᠤᠯᠳᠤᠭᠠᠨ ᠳᠤ ᠣᠷᠣᠯᠴᠠᠬᠤ ᠶᠢ ᠬᠦᠰᠡᠭᠴᠢ ᠨᠢ ᠬᠥᠭᠵᠢᠮ ᠦᠨ ᠵᠣᠬᠢᠶᠠᠯᠴᠢ᠂ ᠳᠠᠭᠤᠴᠢᠨ ᠣ᠊∙ᠡᠷᠳᠡᠨᠢᠰᠦ᠋ᠬᠡ ᠶᠢᠨ ᠠᠶᠠᠯᠭᠤ᠂ ᠥ᠊∙ᠪᠠᠶᠠᠨᠮᠦ᠋ᠩᠬᠡ ᠶᠢᠨ ᠰᠢᠯᠦᠭ ᠢᠶᠡᠷ ᠪᠦᠲᠦᠭᠰᠡᠨ ᠤᠭ ᠳᠠᠭᠤᠤ ᠶᠢ ᠦᠪᠡᠷ ᠦᠨ ᠥᠩᠭᠡ ᠲᠥᠷᠬᠥ᠂ ᠬᠡᠪ ᠮᠠᠶ᠋ᠢᠭ ᠢᠶᠠᠷ ᠳᠠᠭᠤᠯᠠᠭᠰᠠᠨ ᠸᠢᠳᠢᠣ᠋  ᠪᠢᠴᠢᠯᠭᠡ ᠶᠢ ᠳᠠᠭᠤᠴᠢᠨ ᠣ᠊ ∙ ᠡᠷᠳᠡᠨᠢᠰᠦ᠋ᠬᠡ ᠶᠢᠨ ᠴᠠᠬᠢᠮ ᠬᠠᠭᠤᠳᠠᠰᠤᠨ ᠳᠤ ᠢᠷᠡᠭᠦᠯᠬᠦ ᠶᠤᠮ᠃ ᠡᠨᠡ ᠰᠠᠷ᠎ᠠ ᠶᠢᠨ 22 ᠡᠴᠡ ᠡᠬᠢᠯᠡᠭᠦᠯᠦᠭᠰᠡᠨ ᠤᠭ ᠤᠷᠤᠯᠳᠤᠭᠠᠨ ᠢᠷᠡᠬᠦ ᠰᠠᠷ᠎ᠠ ᠶᠢᠨ ᠳᠥᠷᠪᠡᠨ ᠬᠦᠷᠲᠡᠯ᠎ᠡ ᠦᠷᠭᠦᠯᠵᠢᠯᠡᠨ᠎ᠡ᠃

ᠴᠠᠬᠢᠮ ᠬᠠᠭᠤᠳᠠᠰᠤᠨ ᠳᠤ ᠬᠦᠯᠢᠶᠡᠨ ᠠᠪᠤᠭᠰᠠᠨ ᠬᠠᠨᠳᠤᠯᠲᠠ ᠦᠨᠡᠯᠡᠭᠡᠨ ᠦ 50 ᠬᠤᠪᠢ᠂ ᠤᠭ ᠳᠠᠭᠤᠤ ᠶᠢᠨ ᠵᠣᠬᠢᠶᠠᠭᠴᠢᠳ ᠤᠨ ᠦᠨᠡᠯᠡᠭᠡ 50 ᠬᠤᠪᠢ ᠪᠠᠶᠢᠬᠤ ᠪᠥᠭᠡᠳ ᠡᠬᠢᠨ ᠦ ᠳᠥᠷᠪᠡᠨ ᠪᠠᠶᠢᠷᠢ ᠶᠢ ᠤᠷᠮᠠᠰᠢᠭᠤᠯᠬᠤ ᠠᠵᠡᠢ᠃ ᠤᠷᠤᠯᠳᠤᠭᠠᠨ ᠤ ᠱᠠᠩᠨᠠᠯ ᠤᠨ ᠰᠠᠩ ᠨᠢᠭᠡ ᠰᠠᠶ᠎ᠠ ᠨᠢᠭᠡ ᠵᠠᠭᠤᠨ ᠮᠢᠩᠭᠠᠨ ᠲᠥᠭᠥᠷᠢᠭ ᠪᠠ ᠲᠡᠷᠢᠭᠦᠨ ᠪᠠᠶᠢᠷᠢ ᠡᠵᠡᠯᠡᠭᠰᠡᠨ ᠠᠪᠢᠶᠠᠰᠲᠠᠨ ᠲᠠᠢ ᠳᠠᠭᠤᠴᠢᠨ ᠣ᠊ ∙ ᠡᠷᠳᠡᠨᠢᠰᠦ᠋ᠬᠡ ᠤᠭ ᠳᠠᠭᠤᠤ ᠶᠢ ᠰᠢᠨᠡᠴᠢᠯᠡᠨ ᠬᠠᠮᠲᠤᠷᠠᠨ ᠳᠠᠭᠤᠯᠠᠨ᠎ᠠ᠃

ᠰᠡᠳᠬᠢᠭᠳᠡᠯ ᠦᠯᠡᠳᠡᠭᠡᠬᠦ