ᠮᠣᠩᠭᠣᠯ ᠰᠤᠷᠤᠭᠴᠢ ᠶᠢᠨ ᠪᠦᠲᠦᠭᠡᠯ ᠳᠡᠯᠡᠬᠡᠢ ᠶᠢᠨ ᠦᠵᠡᠰᠬᠦᠯᠡᠩ ᠳᠦ ᠰᠢᠯᠭᠠᠷᠠᠵᠠᠢ  | News.MN

ᠮᠣᠩᠭᠣᠯ ᠰᠤᠷᠤᠭᠴᠢ ᠶᠢᠨ ᠪᠦᠲᠦᠭᠡᠯ ᠳᠡᠯᠡᠬᠡᠢ ᠶᠢᠨ ᠦᠵᠡᠰᠬᠦᠯᠡᠩ ᠳᠦ ᠰᠢᠯᠭᠠᠷᠠᠵᠠᠢ 

 

ᠶᠠᠫᠣᠨ ᠤᠯᠤᠰ ᠲᠤ ᠵᠣᠬᠢᠶᠠᠨ ᠪᠠᠶᠢᠭᠤᠯᠤᠭᠳᠠᠭᠰᠠᠨ ᠺᠠᠨᠠᠭᠠᠸᠠ ᠶᠢᠨ ᠳᠡᠯᠡᠬᠡᠢ ᠶᠢᠨ ᠬᠡᠦᠬᠡᠳ ᠦᠨ ᠤᠷᠠᠯᠢᠭ ᠤᠨ ᠦᠵᠡᠰᠬᠦᠯᠡᠩ ᠦᠨ 2021 ᠣᠨ ᠤ ᠪᠦᠲᠦᠭᠡᠯ ᠰᠢᠯᠭᠠᠷᠠᠭᠤᠯᠬᠤ ᠤᠷᠤᠯᠳᠤᠭᠠᠨ ᠤ ᠱᠠᠩᠨᠠᠯᠲᠤ ᠪᠠᠶᠢᠷᠢᠨ ᠳᠤ ᠭᠣᠪᠢ-ᠠᠯᠲᠠᠢ ᠠᠶᠢᠮᠠᠭ ᠤᠨ ᠶᠢᠰᠦᠨᠪᠤᠯᠠᠭ ᠰᠤᠮᠤ ᠶᠢᠨ ᠭᠤᠷᠪᠠᠳᠤᠭᠠᠷ ᠰᠤᠷᠭᠠᠭᠤᠯᠢ ᠶᠢᠨ 10 ᠠ ᠠᠩᠬᠢ ᠶᠢᠨ ᠰᠤᠷᠤᠭᠴᠢ ᠪ ∙ ᠯᠤᠴᠢᠨ ᠤ ᠪᠦᠲᠦᠭᠡᠯ ᠰᠢᠯᠭᠠᠷᠠᠵᠠᠢ᠃ ᠲᠤᠰ ᠦᠵᠡᠰᠬᠦᠯᠡᠩ ᠳᠦ ᠮᠠᠨ ᠤ ᠤᠯᠤᠰ ᠠᠴᠠ ᠶᠢᠰᠦᠨ ᠬᠡᠦᠬᠡᠳ ᠦᠨ ᠪᠦᠲᠦᠭᠡᠯ ᠢ ᠢᠯᠡᠭᠡᠭᠰᠡᠨ ᠪᠠᠶᠢᠨ᠎ᠠ᠃ 1981 ᠣᠨ ᠠᠴᠠ ᠬᠣᠶᠢᠰᠢ ᠬᠣᠶᠠᠷ ᠵᠢᠯ ᠲᠤᠲᠤᠮ ᠵᠣᠬᠢᠶᠠᠵᠤ ᠪᠤᠢ ᠤᠭ ᠦᠵᠡᠰᠬᠦᠯᠡᠩ ᠦᠨ ᠡᠨᠡ ᠤᠳᠠᠭ᠎ᠠ ᠶᠢᠨ ᠰᠢᠯᠭᠠᠷᠠᠭᠤᠯᠤᠯᠲᠠ ᠳᠤ ᠳᠡᠯᠡᠬᠡᠢ ᠶᠢᠨ 56 ᠣᠷᠣᠨ ᠤ ᠨᠡᠶᠢᠲᠡ 8062 ᠪᠦᠲᠦᠭᠡᠯ ᠢᠷᠡᠭᠰᠡᠨ ᠡᠴᠡ ︽ᠺᠠᠨᠠᠭᠠᠸᠠ ᠶᠢᠨ ᠱᠠᠩᠨᠠᠯ︾ ᠨᠡᠷ᠎ᠡ ᠲᠡᠢ ᠱᠠᠩᠨᠠᠯᠲᠤ ᠪᠠᠶᠢᠷᠢᠨ ᠳᠤ ᠮᠣᠩᠭᠣᠯ ᠬᠡᠦᠬᠡᠳ ᠦᠨ ᠪᠦᠲᠦᠭᠡᠯ  ᠪᠠᠭᠲᠠᠭᠰᠠᠨ ᠢ ᠭᠡᠷ ᠪᠦᠯᠢ᠂ ᠬᠡᠦᠬᠡᠳ ᠵᠠᠯᠠᠭᠤᠴᠤᠳ ᠤᠨ ᠬᠥᠭᠵᠢᠯ ᠦᠨ ᠭᠠᠵᠠᠷ ᠠᠴᠠ ᠮᠡᠳᠡᠭᠡᠯᠡᠪᠡ᠃

ᠲᠡᠳᠡ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠬᠡᠦᠬᠡᠳ ᠦᠨ ᠰᠠᠩ᠂ ᠪᠦᠭᠦᠳᠡ ᠨᠠᠢᠷᠠᠮᠳᠠᠬᠤ ᠰᠤᠯᠤᠩᠭᠤᠰ ᠤᠯᠤᠰ ᠤᠨ ᠣᠯᠠᠨ ᠤᠯᠤᠰ ᠤᠨ ᠬᠠᠮᠲᠤ ᠶᠢᠨ ᠠᠵᠢᠯᠯᠠᠭᠠᠨ ᠤ ᠠᠭᠧᠨᠲᠯᠢᠭ ᠍ ᠤᠨ ᠰᠠᠩᠬᠦᠦᠵᠢᠯᠲᠡ  ᠪᠡᠷ ︽ᠠᠭᠤᠷ ᠠᠮᠢᠰᠬᠤᠯ ᠤᠨ ᠥᠭᠡᠷᠡᠴᠢᠯᠡᠯᠲᠡ ᠪᠠ ᠬᠡᠦᠬᠡᠳ ᠦᠨ ᠡᠷᠬᠡ︾ᠲᠥᠰᠥᠯ ᠬᠡᠷᠡᠭᠵᠢᠭᠦᠯᠵᠦ᠂ ᠵᠠᠪᠬᠠᠨ᠂ ᠭᠣᠪᠢ-ᠠᠯᠲᠠᠢ᠂ ᠪᠠᠶᠠᠨᠬᠣᠩᠭᠣᠷ ᠠᠶᠢᠮᠠᠭ ᠲᠤ ᠠᠭᠤᠷ ᠠᠮᠢᠰᠬᠤᠯ ᠤᠨ ᠥᠭᠡᠷᠡᠴᠢᠯᠡᠯᠲᠡ᠂ ᠲᠡᠭᠦᠨ ᠦ ᠬᠡᠦᠬᠡᠳ ᠲᠦ ᠨᠦᠯᠦᠭᠡᠯᠡᠬᠦ ᠨᠥᠯᠦᠭᠡᠨ ᠦ ᠲᠠᠯ᠎ᠠ ᠪᠠᠷ ᠣᠶᠢᠯᠠᠭᠠᠯᠲᠠ ᠮᠡᠳᠡᠭᠡᠯᠡᠯ ᠲᠦᠭᠡᠭᠡᠬᠦ ᠵᠣᠷᠢᠯᠭ᠎ᠠ ᠪᠠᠷ ᠭᠠᠷ ᠵᠢᠷᠤᠭ ᠤᠨ ᠤᠷᠤᠯᠳᠤᠭᠠᠨ ᠵᠠᠷᠯᠠᠵᠠᠢ᠃ ᠤᠷᠤᠯᠳᠤᠭᠠᠨ ᠠᠴᠠ ᠰᠢᠯᠭᠠᠷᠠᠭᠰᠠᠨ ᠪᠦᠲᠦᠭᠡᠯ ᠦᠳ ᠢ ᠶᠠᠫᠣᠨ ᠤ ᠳᠡᠯᠡᠬᠡᠢ ᠶᠢᠨ ᠬᠡᠦᠬᠡᠳ ᠦᠨ ᠤᠷᠠᠯᠢᠭ ᠤᠨ ᠦᠵᠡᠰᠬᠦᠯᠡᠩ ᠦᠨ ᠤᠷᠤᠯᠳᠤᠭᠠᠨ ᠳᠤ ᠢᠯᠡᠭᠡᠭᠰᠡᠨ  ᠨᠢ ᠡᠨᠡ ᠪᠠᠶᠢᠨ᠎ᠠ᠃

ᠰᠡᠳᠬᠢᠭᠳᠡᠯ ᠦᠯᠡᠳᠡᠭᠡᠬᠦ