ᠳᠣᠯᠣᠭᠠᠨ ᠬᠦᠮᠦᠨ ᠲᠤᠲᠤᠮ ᠤᠨ ᠨᠢᠭᠡ ᠨᠢ ᠸᠠᠺᠼᠢᠨ ᠲᠠᠷᠢᠭᠤᠯᠤᠭᠠᠳ ᠪᠠᠶᠢᠨ᠎ᠠ  | News.MN

ᠳᠣᠯᠣᠭᠠᠨ ᠬᠦᠮᠦᠨ ᠲᠤᠲᠤᠮ ᠤᠨ ᠨᠢᠭᠡ ᠨᠢ ᠸᠠᠺᠼᠢᠨ ᠲᠠᠷᠢᠭᠤᠯᠤᠭᠠᠳ ᠪᠠᠶᠢᠨ᠎ᠠ 

ᠡᠷᠡᠭᠦᠯ ᠮᠡᠨᠳᠦ ᠶᠢᠨ ᠶᠠᠮᠤᠨ ᠤ ᠬᠡᠯᠲᠡᠰ ᠦᠨ ᠳᠠᠷᠤᠭ᠎ᠠ ᠭ ∙ᠪᠤᠯᠤᠳᠮ᠎ᠠ ᠸᠠᠺᠼᠢᠨᠵᠢᠭᠤᠯᠤᠯᠲᠠ ᠶᠢᠨ ᠲᠠᠯᠠᠭᠠᠷᠬᠢ ᠮᠡᠳᠡᠭᠡᠯᠡᠯ  ᠦᠭᠭᠦᠯ᠎ᠡ᠃  ᠲᠡᠷᠡ᠄ ᠭᠤᠷᠪᠠᠳᠤᠭᠠᠷ ᠰᠠᠷ᠎ᠠ ᠶᠢᠨ 28 ᠍ ᠤ ᠡᠳᠦᠷ ᠨᠡᠶᠢᠰᠯᠡᠯ ᠳᠦ ᠸᠠᠺᠼᠢᠨ ᠤ ᠴᠡᠭ ᠦᠳ ᠠᠵᠢᠯᠯᠠᠭᠰᠠᠨ ᠦᠭᠡᠢ᠃ ᠵᠣᠷᠢᠯᠲᠠᠲᠤ ᠪᠦᠯᠦᠭ ᠦᠨ ᠬᠦᠮᠦᠰ ᠦᠨ 55 ᠬᠤᠪᠢ ᠶᠢ᠂ 18 ᠍ ᠠᠴᠠ ᠳᠡᠭᠡᠭᠰᠢ ᠨᠠᠰᠤᠨ ᠤ 7 ᠬᠦᠮᠦᠨ ᠲᠤᠲᠤᠮ ᠤᠨ ᠨᠢᠭᠡ ᠶᠢ ᠸᠠᠺᠼᠢᠨ ᠳᠤ ᠬᠠᠮᠤᠷᠤᠭᠤᠯᠤᠭᠠᠳ ᠪᠠᠶᠢᠨ᠎ᠠ᠃ ᠨᠣᠮᠣᠬᠠᠨ ᠳᠠᠯᠠᠢ ᠶᠢᠨ  ᠪᠦᠰᠡ ᠳᠦ ᠪᠡᠨ ᠳᠡᠭᠡᠭᠦᠷ ᠪᠠᠶᠢᠷᠢ ᠡᠵᠡᠯᠡᠭᠰᠡᠨ ᠪᠠᠶᠢᠨ᠎ᠠ᠃
ᠵᠠᠰᠠᠭ ᠤᠨ ᠭᠠᠵᠠᠷ ᠤᠨ ᠬᠤᠳᠠᠯᠳᠤᠨ ᠠᠪᠬᠤ ᠪᠠᠷ ᠲᠥᠯᠥᠪᠯᠡᠵᠦ ᠪᠠᠶᠢᠭ᠎ᠠ ᠸᠠᠺᠼᠢᠨ 4 ᠰᠠᠷ᠎ᠠ ᠶᠢᠨ ᠡᠬᠢ ᠪᠡᠷ ᠰᠢᠨᠤᠹᠠᠷᠠᠮ ᠦᠢᠯᠡᠳᠪᠦᠷᠢ ᠶᠢᠨ 300 ᠮᠢᠩᠭᠠᠨ ᠬᠦᠮᠦᠨ ᠲᠤᠩ᠂ 4 ᠍ ᠳᠦᠭᠡᠷ ᠰᠠᠷ᠎ᠠ ᠶᠢᠨ 15 ᠳᠤ 300 ᠮᠢᠩᠭᠠᠨ ᠬᠦᠮᠦᠨ ᠲᠤᠩ᠂ ᠰᠠᠷ᠎ᠠ ᠶᠢᠨ ᠰᠡᠭᠦᠯᠡᠷ 300000 ᠬᠦᠮᠦᠨ ᠲᠤᠩ᠂ ᠨᠡᠶᠢᠲᠡ 900.000 ᠬᠦᠮᠦᠨ ᠲᠤᠩ ᠢᠷᠡᠨ᠎ᠡ᠃ ᠮᠥᠨ ᠰᠫᠦ᠋ᠲᠨᠢᠺ V ᠸᠠᠺᠼᠢᠨ 1 ᠰᠠᠶ᠎ᠠ ᠬᠦᠮᠦᠨ ᠲᠤᠩ ᠢᠷᠡᠨ᠎ᠡ᠃ 4 ᠍ ᠳᠦᠭᠡᠷ ᠰᠠᠷ᠎ᠠ ᠶᠢᠨ  ᠠᠷᠪᠠᠳ ᠠᠴᠠ ᠰᠢᠨᠤᠹᠠᠷᠠᠮ ᠸᠠᠺᠼᠢᠨ ᠤ ᠳᠠᠪᠲᠠᠨ ᠲᠤᠩ ᠬᠢᠨ᠎ᠡ᠃ 4 ᠍ ᠳᠦᠭᠡᠷ ᠰᠠᠷ᠎ᠠ ᠶᠢᠨ 23  ᠠᠴᠠ ᠠᠰᠲᠷᠠᠽᠧᠨᠧᠺᠠ ᠸᠠᠺᠼᠢᠨ ᠤ ᠳᠠᠪᠲᠠᠨ ᠲᠤᠩ ᠤᠳ ᠬᠢᠭᠳᠡᠨ᠎ᠡ ᠭᠡᠯ᠎ᠡ᠃

ᠰᠡᠳᠬᠢᠭᠳᠡᠯ ᠦᠯᠡᠳᠡᠭᠡᠬᠦ