ᠡᠷᠴᠢᠮ ᠬᠦᠴᠦᠨ ᠦ ᠬᠡᠷᠡᠭᠯᠡᠭᠡ 1.5ᠬᠤᠪᠢ ᠪᠠᠷ ᠥᠰᠴᠠᠢ  | News.MN

ᠡᠷᠴᠢᠮ ᠬᠦᠴᠦᠨ ᠦ ᠬᠡᠷᠡᠭᠯᠡᠭᠡ 1.5ᠬᠤᠪᠢ ᠪᠠᠷ ᠥᠰᠴᠠᠢ 

 

ᠮᠣᠩᠭᠣᠯ ᠤᠯᠤᠰ ᠤᠨ ᠴᠠᠬᠢᠯᠭᠠᠨ᠂ ᠡᠷᠴᠢᠮ ᠬᠦᠴᠦᠨ ᠦ ᠬᠡᠷᠡᠭᠯᠡᠭᠡ 2020 ᠣᠨ ᠳᠤ 8851.3 ᠰᠠᠶ᠎ᠠ ᠺᠢᠯᠤᠸᠠᠲ ᠴᠠᠭ ᠲᠤ ᠬᠦᠷᠴᠦ ᠡᠮᠦᠨᠡᠬᠢ ᠣᠨ ᠠᠴᠠ 1.5 ᠬᠤᠪᠢ ᠪᠠᠷ ᠨᠡᠮᠡᠭᠳᠡᠭᠰᠡᠨ ᠪᠠᠶᠢᠨ᠎ᠠ᠃ ᠡᠭᠦᠨ ᠡᠴᠡ 7145.7 ᠰᠠᠶ᠎ᠠ  ᠺᠢᠯᠤᠸᠠᠲ ᠴᠠᠭ ᠪᠤᠶᠤ 80.7 ᠬᠤᠪᠢ ᠶᠢ ᠳᠣᠲᠣᠭᠠᠳᠤ ᠶᠢᠨ ᠦᠢᠯᠡᠪᠦᠷᠢᠯᠡᠯ ᠡᠴᠡ ᠬᠠᠩᠭᠠᠵᠠᠢ᠃ ᠳᠣᠲᠣᠭᠠᠳᠤ ᠶᠢᠨ ᠦᠢᠯᠡᠳᠪᠦᠷᠢᠯᠡᠯ ᠢ ᠡᠬᠢ ᠡᠭᠦᠰᠪᠦᠷᠢ ᠶᠢᠨ ᠪᠦᠲᠦᠴᠡ ᠪᠡᠷ ᠨᠢ ᠠᠪᠴᠤ ᠦᠵᠡᠪᠡᠯ 90.9 ᠬᠤᠪᠢ ᠶᠢ ᠳᠤᠯᠠᠭᠠᠨ ᠤ ᠴᠠᠬᠢᠯᠭᠠᠨ ᠰᠲ᠋ᠠᠨᠼ ᠤᠳ᠂ 9.07 ᠬᠤᠪᠢ ᠶᠢ ᠨᠠᠷᠠ᠂ ᠰᠠᠯᠬᠢ᠂ ᠤᠰᠤᠨ ᠤ ᠡᠬᠢ ᠡᠭᠦᠰᠪᠦᠷᠢ ᠨᠦᠭᠦᠳ᠂ 0.03 ᠬᠤᠪᠢ ᠶᠢ ᠳ᠋ᠢᠽᠧᠯ ᠰᠲ᠋ᠠᠨᠼ  ᠠᠴᠠ ᠦᠢᠯᠡᠳᠪᠦᠷᠢᠯᠡᠭᠰᠡᠨ ᠶᠤᠮ᠃
ᠢᠮᠫᠣᠷᠲ ᠢᠶᠠᠷ ᠬᠤᠳᠠᠯᠳᠤᠨ ᠠᠪᠤᠭᠰᠠᠨ ᠴᠠᠬᠢᠯᠭᠠᠨ ᠡᠷᠴᠢᠮ ᠬᠦᠴᠦᠨ ᠦ 18.3 ᠬᠤᠪᠢ ᠶᠢ ᠣᠷᠣᠰ  ᠠᠴᠠ 81.7 ᠬᠤᠪᠢ ᠶᠢ ᠬᠢᠲᠠᠳ  ᠠᠴᠠ ᠠᠪᠤᠭᠰᠠᠨ ᠪᠠᠶᠢᠨ᠎ᠠ᠃ ᠤᠯᠤᠰ ᠤᠨ ᠬᠡᠮᠵᠢᠶᠡᠨ ᠳᠦ 39.9 ᠰᠠᠶ᠎ᠠ  ᠺᠢᠯᠤᠸᠠᠲ ᠴᠠᠭ ᠡᠷᠴᠢᠮ ᠬᠦᠴᠦ ᠣᠷᠣᠰ  ᠲᠤ ᠡᠺᠰᠫᠣᠷᠲᠯᠠᠭᠰᠠᠨ ᠨᠢ ᠡᠮᠦᠨᠡᠬᠢ ᠣᠨ ᠠᠴᠠ 33.5 ᠬᠤᠪᠢ ᠪᠠᠷ ᠥᠰᠦᠭᠰᠡᠨ ᠦᠵᠡᠭᠦᠯᠦᠯᠲᠡ ᠶᠤᠮ᠃

ᠰᠡᠳᠬᠢᠭᠳᠡᠯ ᠦᠯᠡᠳᠡᠭᠡᠬᠦ