ᠮ∙ᠦᠷᠠᠨᠴᠡᠴᠡᠭ ᠳᠠᠷᠠᠭᠠᠯᠠᠨ ᠲᠦᠷᠦᠭᠦᠯᠡᠯ᠎ᠡ  | News.MN

ᠮ∙ᠦᠷᠠᠨᠴᠡᠴᠡᠭ ᠳᠠᠷᠠᠭᠠᠯᠠᠨ ᠲᠦᠷᠦᠭᠦᠯᠡᠯ᠎ᠡ 

 

ᠭᠷᠦᠽᠢᠶ᠎ᠡ ᠶᠢᠨ ᠨᠡᠶᠢᠰᠯᠡᠯ ᠳᠦ ᠣᠯᠠᠨ ᠤᠯᠤᠰ ᠤᠨ ᠵᠢᠦ᠋ᠳᠣ᠋ ᠪᠥᠬᠡ ᠶᠢᠨ ᠬᠣᠯᠪᠣᠭᠠᠨ ᠤ ᠳᠡᠯᠡᠬᠡᠢ ᠶᠢᠨ ᠴᠤᠪᠤᠷᠠᠯ ᠲᠡᠮᠡᠴᠡᠭᠡᠨ ᠭᠷᠡᠨᠳ᠋ ᠰᠯᠠᠮ ᠠᠩᠭᠢᠯᠠᠯ ᠢᠶᠠᠷ ᠠᠩᠬ᠎ᠠ ᠤᠳᠠᠭ᠎ᠠ ᠵᠣᠬᠢᠶᠠᠨ ᠪᠠᠶᠢᠭᠤᠯᠤᠭᠳᠠᠵᠤ ᠪᠠᠶᠢᠨ᠎ᠠ᠃ ᠨᠠᠶᠠᠨ ᠣᠷᠣᠨ ᠤ ᠡᠷᠡᠭᠲᠡᠢ 253᠂ ᠡᠮᠡᠭᠲᠡᠢ 211 ᠨᠡᠶᠢᠲᠡ 464 ᠪᠦᠬᠡᠴᠢᠨ ᠣᠷᠣᠯᠴᠠᠵᠤ ᠪᠤᠢ ᠲᠤᠰ ᠲᠡᠮᠡᠴᠡᠭᠡᠨ ᠦ ᠡᠬᠢᠨ ᠦ ᠡᠳᠦᠷ ᠮᠥᠩᠬᠡᠪᠠᠲᠤ ᠶᠢᠨ ᠤᠷᠠᠨᠴᠡᠴᠡᠭ ᠠᠯᠲᠠᠨ ᠮᠧᠳᠠᠯ ᠬᠦᠷᠲᠡᠭᠰᠡᠨ ᠢᠶᠡᠷ ᠳᠠᠷᠠᠭᠠᠯᠠᠨ ᠬᠣᠶᠠᠷ ᠲᠡᠮᠡᠴᠡᠭᠡᠨ ᠳᠦ ᠲᠦᠷᠦᠭᠦᠯᠡᠵᠦ᠂ ᠴᠢᠨᠰᠠᠭ᠎ᠠ  ᠪᠠᠨ 1000 ᠣᠨᠣᠭ᠎ᠠ ᠪᠠᠷ ᠨᠡᠮᠡᠵᠦ᠂ ᠶᠠᠫᠣᠨ ᠤ ᠹᠦᠨᠠ ᠲᠤᠨᠠᠺ ᠢ ᠭᠦᠢᠴᠡᠵᠦ ᠭᠤᠷᠪᠠᠳᠤᠭᠠᠷ ᠪᠠᠶᠢᠷᠢ ᠤᠷᠤᠭᠤ ᠳᠡᠪᠰᠢᠵᠡᠢ᠃
ᠠ ᠬᠡᠰᠡᠭ ᠦᠨ ᠠᠪᠤᠷᠭᠤ ᠶᠢᠨ ᠲᠥᠯᠥᠭᠡ ᠧᠦ᠋ᠷᠣᠫᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠬᠦᠷᠡᠯ ᠮᠸᠳᠡᠯᠲᠦ ᠷᠤᠮᠠᠨᠢᠶ᠎ᠠ ᠶᠢᠨ ᠮᠣᠨᠢᠺᠠ  ᠤᠩᠭᠤᠷᠢᠶ᠋ᠸᠨᠤ᠋  ᠶᠢ 2᠄58 ᠮᠢᠨᠦ᠋ᠲ ᠲᠤ ᠥᠴᠢᠬᠦ ᠮᠡᠬᠡ ᠪᠡᠷ ᠢᠯᠠᠭᠰᠠᠨ ᠪᠣᠯ ᠬᠠᠭᠠᠰ ᠰᠢᠭᠰᠢᠭᠡ ᠳᠦ ᠳᠡᠯᠡᠬᠡᠢ ᠶᠢᠨ ᠮᠠᠰᠲ᠋ᠸᠷ  ᠤᠳ ᠤᠨ ᠲᠡᠮᠡᠴᠡᠭᠡᠨ ᠦ ᠬᠦᠷᠡᠯ ᠮᠸᠳᠠᠯᠲᠦ  ᠰᠯᠤᠸᠢᠨᠢᠶ᠎ᠠ ᠶᠢᠨ ᠮᠠᠷᠤᠰᠠ ᠰᠲ᠋ᠠᠩᠭᠠᠷ ᠢ 2᠄50 ᠮᠢᠨᠦ᠋ᠲ ᠲᠤ ᠴᠡᠪᠡᠷ ᠢᠯᠠᠭᠰᠠᠨ᠃ ᠠᠪᠤᠷᠭᠤ ᠶᠢᠨ ᠲᠥᠯᠥᠭᠡ ᠧᠦ᠋ᠷᠣᠫᠠ ᠶᠢᠨ ᠨᠡᠭᠡᠭᠡᠯᠲᠡ ᠲᠡᠢ ᠲᠡᠮᠡᠴᠡᠭᠡᠨ ᠦ ᠠᠯᠲᠠ᠂ ᠮᠥᠩᠭᠥ᠂ ᠬᠦᠷᠡᠯ ᠮᠸᠳᠠᠯᠲᠦ ᠹᠷᠠᠨᠴᠧᠰᠺᠠ ᠮᠢᠯᠠᠨ ᠢ ᠳᠠᠷᠤᠯᠲᠠ ᠳᠤ ᠣᠷᠣᠭᠤᠯᠵᠤ᠂ ᠳᠠᠪᠬᠤᠷ ᠪᠣᠭᠣᠬᠤ ᠮᠡᠬᠡ ᠬᠢᠵᠦ ᠴᠡᠪᠡᠷ ᠢᠯᠠᠯ᠎ᠠ᠃ ᠢᠩᠭᠢᠭᠰᠡᠨ ᠢᠶᠡᠷ ᠲᠡᠷᠡᠪᠡᠷ ᠰᠡᠭᠦᠯ ᠦᠨ ᠬᠣᠶᠠᠷ ︽ᠶᠡᠬᠡ ᠳᠤᠭᠤᠯᠠᠭ᠎ᠠ︾ ᠍ ᠳᠦ  ᠲᠦᠷᠦᠭᠦᠯᠡᠵᠡᠢ᠃

ᠰᠡᠳᠬᠢᠭᠳᠡᠯ ᠦᠯᠡᠳᠡᠭᠡᠬᠦ