ᠥᠪᠦᠷᠬᠠᠩᠭᠠᠢ ᠠᠶᠢᠮᠠᠭ ᠪᠠᠬᠠᠷᠬᠠᠬᠤ ᠲᠡᠦᠬᠡ ᠲᠡᠢ᠂ ᠪᠠᠬᠠᠷᠬᠠᠬᠤ ᠬᠦᠮᠦᠰ ᠲᠡᠢ | News.MN

ᠥᠪᠦᠷᠬᠠᠩᠭᠠᠢ ᠠᠶᠢᠮᠠᠭ ᠪᠠᠬᠠᠷᠬᠠᠬᠤ ᠲᠡᠦᠬᠡ ᠲᠡᠢ᠂ ᠪᠠᠬᠠᠷᠬᠠᠬᠤ ᠬᠦᠮᠦᠰ ᠲᠡᠢ

 

ᠥᠪᠦᠷᠬᠠᠩᠭᠠᠢ ᠠᠶᠢᠮᠠᠭ ᠡᠭᠦᠰᠴᠦ ᠬᠥᠭᠵᠢᠭᠰᠡᠨ ᠦ ᠲᠡᠦᠬᠡᠲᠦ 90 ᠵᠢᠯ ᠦᠨ ᠣᠢ ᠶᠢᠨ ᠬᠦᠷᠢᠶᠡᠨ ᠳᠦ ︽ᠥᠪᠦᠷᠬᠠᠩᠭᠠᠢ ᠶᠢᠨ ᠪᠠᠬᠠᠷᠬᠠᠯ︾ᠲᠥᠰᠥᠯ ᠡᠴᠡ︽ᠪᠠᠬᠠᠷᠬᠠᠯ ᠪᠠ ᠮᠡᠳᠡᠯᠭᠡ︾ᠲᠠᠨᠢᠨ ᠮᠡᠳᠡᠬᠦᠢ ᠶᠢᠨ ᠴᠤᠪᠤᠷᠠᠯ ᠺᠣᠨᠲ᠋ᠧᠨᠲ ᠢ ᠠᠶᠢᠮᠠᠭ ᠤᠨ ᠢᠷᠭᠡᠳ ᠦᠨ ᠲᠥᠯᠥᠭᠡᠯᠡᠭᠴᠢᠳ ᠦᠨ ᠬᠤᠷᠠᠯ ᠠᠴᠠ ᠰᠠᠨᠠᠭᠠᠴᠢᠯᠠᠨ ᠡᠬᠢᠯᠡᠭᠦᠯᠦᠭᠡᠳ ᠪᠠᠶᠢᠨ᠎ᠠ᠃ ᠥᠪᠦᠷᠬᠠᠩᠭᠠᠢ ᠠᠶᠢᠮᠠᠭ ᠠᠴᠠ ᠲᠥᠷᠥᠨ ᠭᠠᠷᠤᠭᠰᠠᠨ ᠠᠯᠳᠠᠷ ᠭᠠᠪᠢᠶ᠎ᠠ ᠲᠠᠢ ᠨᠡᠷ᠎ᠡ ᠪᠦᠬᠦᠢ ᠬᠦᠮᠦᠰ ᠢ ᠠᠯᠳᠠᠷᠰᠢᠭᠤᠯᠬᠤ᠂ ᠠᠶᠢᠮᠠᠭ ᠤᠨ ᠣᠨᠴᠠᠯᠢᠭ ᠪᠡᠶᠡᠲᠦ ᠪᠣᠯᠤᠨ ᠪᠡᠶᠡᠲᠦ ᠪᠤᠰᠤ ᠥᠪ ᠢ ᠰᠤᠷᠲᠠᠯᠴᠢᠯᠠᠬᠤ᠂ ᠢᠷᠡᠭᠡᠳᠦᠢ ᠬᠣᠶᠢᠴᠢ ᠦᠶ᠎ᠡ ᠳᠦ ᠪᠡᠨ ᠥᠪᠯᠡᠭᠦᠯᠬᠦ ᠵᠣᠷᠢᠯᠭ᠎ᠠ ᠲᠠᠢ ︽ᠥᠪᠦᠷᠬᠠᠩᠭᠠᠢ ᠶᠢᠨ ᠪᠠᠬᠠᠷᠬᠠᠯ︾ ᠲᠥᠰᠥᠯ ᠢ ᠠᠩᠬ᠎ᠠ ᠤᠯᠤᠰ ᠤᠨ ᠶᠡᠬᠡ ᠬᠤᠷᠠᠯ ᠤᠨ ᠭᠡᠰᠢᠭᠦᠨ ᠳ∙ᠲᠣᠭᠲᠠᠬᠤᠰᠦ᠋ᠷᠦᠩ ᠦᠨ ᠬᠡᠪᠯᠡᠯ ᠦᠨ ᠲᠥᠯᠥᠭᠡᠯᠡᠭᠴᠢ ᠭ∙ ᠠᠷᠢᠭᠤᠨᠵᠠᠶᠠᠭ᠎ᠠ ᠰᠠᠨᠠᠭᠠᠴᠢᠯᠠᠵᠤ ᠪᠠᠶᠢᠭᠰᠠᠨ ᠶᠤᠮ᠃
ᠠᠩᠬᠠᠨ ᠤ ᠲᠥᠰᠥᠯ ᠨᠢ ᠯ∙ᠠᠶᠤᠱᠢ ᠪᠠᠭᠠᠲᠤᠷ ᠤᠨ ᠠᠮᠢᠳᠤᠷᠠᠯ ᠢᠶᠠᠷ ᠰᠡᠳᠦᠪᠯᠡᠭᠰᠡᠨ︽ᠭᠠᠤᠯᠢᠨ ᠡᠭᠡᠮᠦᠭ︾ᠲᠡᠦᠬᠡᠨ ᠪᠡᠰᠡᠷᠡᠭ ᠷᠣᠮᠠᠨ ᠨᠣᠮ ᠢ ᠬᠡᠪᠯᠡᠭᠦᠯᠵᠦ᠂ ᠠᠶᠢᠮᠠᠭ ᠤᠨ ᠬᠥᠭᠵᠢᠮᠲᠦ ᠳ᠋ᠷᠠᠮ ᠤᠨ ᠲᠢᠶᠠᠲ᠋ᠷ ᠳᠦ ᠪᠦᠷᠢᠨ ᠬᠡᠮᠵᠢᠶᠡᠨ ᠦ ᠵᠦᠴᠦᠭᠡ ᠲᠠᠯᠪᠢᠵᠤ ᠪᠠᠶᠢᠪᠠ᠃ ᠮᠥᠨ ᠬᠠᠶᠢᠷᠬᠠᠨᠳᠤᠯᠠᠭᠠᠨ ᠰᠤᠮᠤ ᠶᠢᠨ ᠬᠠᠷᠢᠶᠠᠲᠤ᠂ ᠲᠥᠷᠥ ᠶᠢᠨ ᠱᠠᠩᠨᠠᠯᠲᠤ᠂ ᠨᠡᠷᠡᠲᠦ ᠵᠣᠬᠢᠶᠠᠯᠴᠢ ᠴ ∙ ᠣᠶᠢᠳᠣᠪ ᠭᠤᠸᠠᠢ ᠶᠢ ᠠᠯᠳᠠᠷᠰᠢᠭᠤᠯᠵᠤ᠂ ᠲᠡᠭᠦᠨ ᠦ ᠵᠣᠬᠢᠶᠠᠯ ︽ᠳᠠᠯᠠᠨ ᠬᠤᠳᠠᠯᠴᠢ︾ ᠵᠦᠴᠦᠭᠡ ᠶᠢ ᠲᠠᠶᠢᠰᠠᠨ᠎ᠠ ᠠᠮᠢᠯᠠᠭᠤᠯᠵᠤ ᠪᠠᠶᠢᠪᠠ᠃ ᠵᠣᠬᠢᠶᠠᠭᠴᠢ ᠶᠢᠨ ᠪᠦᠲᠦᠭᠡᠯ ᠢᠶᠡᠷ ᠭᠤᠷᠪᠠᠨ ᠪᠣᠲᠢ ᠨᠣᠮ ᠬᠡᠪᠯᠡᠭᠦᠯᠵᠦ᠂ ᠤᠩᠰᠢᠭᠴᠢᠳ ᠤᠨ ᠬᠦᠷᠲᠡᠭᠡᠯ ᠪᠣᠯᠭᠠᠭᠰᠠᠨ᠃

ᠣᠳᠣ ᠰᠠᠶᠢᠨ ᠨᠣᠶᠠᠨ ᠬᠠᠨ ᠲ∙ᠨᠠᠮᠨᠠᠨᠰᠦ᠋ᠷᠦᠩ ᠦᠨ ᠠᠮᠢᠳᠤᠷᠠᠯ᠂ ᠦᠢᠯᠡ ᠬᠡᠷᠡᠭ᠂ ᠲᠥᠷᠥ ᠳᠦ ᠣᠷᠣᠭᠤᠯᠤᠭᠰᠠᠨ ᠠᠯᠳᠠᠷ ᠭᠠᠪᠢᠶ᠎ᠠ ᠶᠢ ᠬᠣᠶᠢᠴᠢ ᠦᠶ᠎ᠡ᠂ ᠬᠡᠦᠬᠡᠳ ᠵᠠᠯᠠᠭᠤᠰ ᠲᠤ ᠲᠠᠨᠢᠭᠤᠯᠵᠤ᠂ ᠲᠦᠭᠡᠭᠡᠨ ᠳᠡᠯᠭᠡᠷᠡᠭᠦᠯᠬᠦ ᠵᠣᠷᠢᠯᠭ᠎ᠠ ᠪᠠᠷ ᠲᠡᠦᠬᠡᠨ ᠵᠦᠴᠦᠭᠡ ᠲᠠᠯᠪᠢᠵᠤ᠂ ᠨᠣᠮ ᠵᠣᠬᠢᠶᠠᠯ ᠪᠢᠴᠢᠬᠦ ᠪᠡᠷ ᠲᠥᠯᠥᠪᠯᠡᠵᠦ ᠪᠠᠶᠢᠨ᠎ᠠ᠃ ᠮᠥᠨ ᠪᠠᠶᠢᠲᠤᠭ ᠪᠣᠭᠳᠠ ᠶᠢᠨ ᠮᠥᠷᠭᠥᠯᠳᠦᠭᠡᠨ ᠳᠦ ᠠᠮᠢᠳᠤ ᠦᠯᠡᠳᠡᠭᠰᠡᠨ ᠭᠤᠷᠪᠠᠨ ᠬᠦᠮᠦᠨ ᠦ ᠨᠢᠭᠡ ᠪᠣᠯᠬᠤ ᠪᠣᠭᠳᠠ ᠰᠤᠮᠤ ᠶᠢᠨ ᠬᠠᠷᠢᠶᠠᠲᠤ ᠨ∙ᠭᠣᠨᠴᠣᠭᠵᠢᠭᠡᠪᠡ ᠭᠤᠸᠠᠢ ᠶᠢ ᠣᠯᠠᠨ᠎ᠠ ᠲᠠᠨᠢᠯᠴᠠᠭᠤᠯᠵᠤ᠂ ᠡᠬᠡ ᠣᠷᠣᠨᠴᠢ ᠦᠵᠡᠯ ᠢ ᠵᠠᠯᠠᠭᠤ ᠬᠣᠶᠢᠴᠢ ᠦᠶ᠎ᠡ ᠳᠦ ᠲᠥᠯᠦᠪᠰᠢᠭᠦᠯᠬᠦ᠂ ᠳᠠᠶᠢᠨ ᠤ ᠬᠣᠣᠷ ᠤᠷᠰᠢᠭ ᠢ ᠣᠶᠢᠯᠠᠭᠠᠭᠤᠯᠬᠤ ᠵᠣᠷᠢᠯᠭ᠎ᠠ ᠪᠠᠷ ᠲᠣᠳᠣᠷᠬᠠᠢ ᠠᠵᠢᠯ ᠤᠳ ᠢ ᠵᠣᠬᠢᠶᠠᠨ ᠪᠠᠶᠢᠭᠤᠯᠤᠨ᠎ᠠ᠃

ᠰᠡᠳᠬᠢᠭᠳᠡᠯ ᠦᠯᠡᠳᠡᠭᠡᠬᠦ