ᠡᠷᠬᠡ ᠴᠢᠯᠦᠭᠡᠨ ᠦ ᠢᠨᠳᠧᠺᠰ ᠢᠶᠠᠷ ᠠᠮᠧᠷᠢᠺᠠ ᠶᠢᠨ ᠳᠡᠭᠡᠷ᠎ᠡ ᠡᠷᠡᠮᠪᠡᠯᠡᠭᠳᠡᠯ᠎ᠡ | News.MN

ᠡᠷᠬᠡ ᠴᠢᠯᠦᠭᠡᠨ ᠦ ᠢᠨᠳᠧᠺᠰ ᠢᠶᠠᠷ ᠠᠮᠧᠷᠢᠺᠠ ᠶᠢᠨ ᠳᠡᠭᠡᠷ᠎ᠡ ᠡᠷᠡᠮᠪᠡᠯᠡᠭᠳᠡᠯ᠎ᠡ

 

︽ᠡᠷᠬᠡ ᠴᠢᠯᠦᠭᠡᠨ ᠦ ᠣᠷᠣᠨ︾ᠭᠡᠭᠳᠡᠳᠡᠭ ᠠᠮᠧᠷᠢᠺᠠ Freedom House ᠪᠠᠶᠢᠭᠤᠯᠤᠯᠭ᠎ᠠ ᠠᠴᠠ ᠭᠠᠷᠭᠠᠳᠠᠭ ᠳᠡᠯᠡᠬᠡᠢ ᠶᠢᠨ ᠡᠷᠬᠡ ᠴᠢᠯᠦᠭᠡᠨ ᠦ ᠢᠨᠳᠧᠺᠰ ᠲᠦ ᠰᠡᠭᠦᠯ ᠦᠨ 10 ᠵᠢᠯ ᠳᠦ 11 ᠪᠠᠶᠢᠷᠢ ᠪᠠᠷ ᠤᠬᠤᠷᠢᠵᠠᠢ᠃ ᠰᠢᠯᠲᠠᠭᠠᠨ ᠨᠢ ᠠᠷᠠᠰᠤ ᠥᠩᠭᠡ ᠪᠡᠷ ᠢᠯᠭᠠᠪᠤᠷᠢᠯᠠᠨ ᠭᠠᠳᠠᠭᠤᠷᠬᠠᠬᠤ ᠦᠵᠡᠯ ᠬᠤᠷᠴᠠᠳᠤᠭᠰᠠᠨ᠂ ᠪᠠᠶᠠᠯᠢᠭ ᠤᠨ ᠲᠡᠭᠰᠢ ᠪᠤᠰᠤ ᠬᠤᠪᠢᠶᠠᠷᠢᠯᠠᠯᠲᠠ ᠠᠴᠠ ᠪᠣᠯᠵᠤ ᠨᠡᠶᠢᠭᠡᠮ ᠤᠨ ᠪᠠᠶᠢᠭᠤᠯᠤᠯᠲᠠ ᠳᠤ  ᠳᠤᠷ᠎ᠠ ᠦᠭᠡᠢᠴᠡᠬᠦ ᠬᠦᠮᠦᠰ ᠦᠨ ᠲᠣᠭ᠎ᠠ ᠦᠰᠴᠦ ᠪᠠᠶᠢᠭ᠎ᠠ ᠭᠡᠬᠦ ᠵᠡᠷᠭᠡ ᠨᠥᠬᠥᠴᠡᠯ ᠪᠠᠶᠢᠳᠠᠯ ᠨᠥᠯᠦᠭᠡᠯᠡᠭᠰᠡᠨ ᠪᠠᠶᠢᠨ᠎ᠠ᠃
ᠠᠮᠸᠷᠢᠺᠠ ᠪᠣᠯᠤᠮᠵᠢᠲᠤ 100 ᠤᠨᠤᠭ᠎ᠠ ᠠᠴᠠ 83 ᠍ ᠢ ᠠᠪᠴᠤ᠂  ᠫᠠᠨᠠᠮᠠ᠂  ᠷᠤᠮᠠᠨᠢᠶ᠎ᠠ᠂ ᠾᠤᠷᠸᠠᠲ ᠵᠡᠷᠭᠡ ᠤᠯᠤᠰ ᠲᠠᠢ ᠠᠶᠢᠯᠰᠠᠭᠰᠠᠨ ᠪᠠᠶᠢᠨ᠎ᠠ᠃ ᠮᠠᠨ ᠤ ᠤᠯᠤᠰ 84 ᠣᠨᠣᠭ᠎ᠠ ᠲᠠᠢ ᠠᠮᠧᠷᠢᠺᠠ  ᠠᠴᠠ ᠳᠡᠭᠡᠭᠦᠷ ᠲᠦ︽ᠬᠠᠩᠭᠠᠯᠲᠠᠲᠠᠢ ᠡᠷᠬᠡ ᠴᠢᠯᠦᠭᠡ ᠲᠡᠢ︾ᠭᠡᠰᠡᠨ ᠰᠲ᠋ᠠᠲ᠋ᠦ᠋ᠰ ᠲᠠᠢ ᠪᠢᠴᠢᠭᠳᠡᠭᠰᠡᠨ ᠪᠠᠶᠢᠨ᠎ᠠ᠃ ᠡᠨᠡ 100 ᠣᠨᠣᠭ᠎ᠠ ᠨᠢ ᠤᠯᠤᠰ ᠲᠥᠷᠥ ᠶᠢᠨ ᠪᠣᠯᠤᠨ ᠢᠷᠭᠡᠨ ᠦ ᠡᠷᠬᠡ ᠭᠡᠰᠡᠨ ᠬᠣᠶᠠᠷ ᠴᠢᠭᠯᠡᠯ ᠢᠶᠡᠷ ᠥᠭᠭᠦᠭᠳᠡᠵᠦ ᠪᠠᠶᠢᠭ᠎ᠠ ᠪᠥᠭᠡᠳ ᠮᠣᠩᠭᠣᠯᠴᠤᠳ ᠢ ᠤᠯᠤᠰ ᠲᠥᠷᠥ ᠶᠢᠨ ᠡᠷᠬᠡ 36᠂ ᠢᠷᠭᠡᠨ ᠦ ᠡᠷᠬᠡ 48 ᠣᠨᠣᠭ᠎ᠠ ᠲᠠᠢ ᠬᠡᠮᠡᠨ ᠳ᠋ᠦᠩᠨᠡᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ