︽ᠣᠷᠣᠰ ᠳᠠᠭᠤᠤ ᠶᠢ ᠬᠡᠨ ᠰᠠᠶᠢᠨ ᠳᠠᠭᠤᠯᠠᠬᠤ ᠪᠤᠢ︾ᠤᠷᠤᠯᠳᠤᠭᠠᠨ ᠤ  ᠳ᠋ᠦᠩ ᠭᠠᠷᠤᠯ᠎ᠠ  | News.MN

︽ᠣᠷᠣᠰ ᠳᠠᠭᠤᠤ ᠶᠢ ᠬᠡᠨ ᠰᠠᠶᠢᠨ ᠳᠠᠭᠤᠯᠠᠬᠤ ᠪᠤᠢ︾ᠤᠷᠤᠯᠳᠤᠭᠠᠨ ᠤ  ᠳ᠋ᠦᠩ ᠭᠠᠷᠤᠯ᠎ᠠ 

 

ᠮᠣᠩᠭᠣᠯ ᠣᠷᠣᠰ ᠤᠨ ᠬᠣᠭᠣᠷᠣᠨᠳᠣ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 100 ᠵᠢᠯ ᠦᠨ ᠣᠢ᠂ ᠵᠥᠪᠯᠡᠯᠲᠦ᠂ ᠮᠣᠩᠭᠣᠯ ᠤᠨ ᠰᠠᠨᠰᠠᠷ ᠤᠨ ᠬᠠᠮᠲᠤᠷᠠᠭᠰᠠᠨ ᠨᠢᠰᠦᠯᠭᠡ ᠶᠢᠨ 40 ᠵᠢᠯ ᠦᠨ ᠣᠢ ᠶᠢᠨ ᠬᠦᠷᠢᠶᠡᠨ ᠳᠦ ᠤᠪᠰᠤ ᠠᠢᠮᠠᠭ ᠤᠨ ᠲᠥᠷᠥ ᠶᠢᠨ ᠵᠠᠬᠢᠷᠭᠠᠨ ᠤ ᠠᠬᠠᠮᠠᠳ ᠠᠵᠢᠯᠲᠠᠨ᠂ ᠣᠷᠣᠰ ᠬᠡᠯᠡᠨ ᠦ ᠪᠠᠭᠰᠢ ᠳ∙ᠴᠡᠳᠡᠪ  ᠦᠨ ᠰᠠᠨᠠᠭᠠᠴᠢᠯᠠᠭ᠎ᠠ ᠪᠠᠷ︽ᠣᠷᠣᠰ ᠳᠠᠭᠤᠤ ᠶᠢ ᠬᠡᠨ ᠰᠠᠶᠢᠨ ᠳᠠᠭᠤᠯᠠᠬᠤ ᠪᠤᠢ︾ᠴᠠᠬᠢᠮ ᠤᠷᠤᠯᠳᠤᠭᠠᠨ ᠪᠣᠯᠤᠯ᠎ᠠ᠃
ᠨᠢᠭᠡ ᠰᠠᠷ᠎ᠠ ᠶᠢᠨ ᠬᠤᠭᠤᠴᠠᠭᠠᠨ ᠳᠤ ᠴᠠᠬᠢᠮ ᠢᠶᠠᠷ ᠦᠷᠭᠦᠯᠵᠢᠯᠡᠭᠰᠡᠨ ᠤᠭ ᠤᠷᠤᠯᠳᠤᠭᠠᠨ ᠳᠤ  ᠤᠯᠠᠭᠠᠨ ᠭᠤᠮ᠂ ᠬᠣᠪᠳᠣ᠂ ᠮᠠᠯᠴᠢᠨ᠂ ᠨᠠᠷᠠᠨᠪᠤᠯᠠᠭ᠂ ᠲᠠᠷᠢᠶᠠᠯᠠᠩ᠂ ᠪᠠᠷᠠᠭᠤᠨ ᠲᠤᠷᠤᠭᠤᠨ᠂ ᠳᠠᠪᠤᠰᠤᠲᠤ ᠵᠡᠷᠭᠡ ᠰᠤᠮᠤ ᠶᠢᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠨᠤᠭᠤᠳ ᠤᠨ ᠠᠪᠢᠶᠠᠰᠲᠠᠳ ᠠᠴᠠ ᠭᠠᠳᠠᠨ᠎ᠠ ᠤᠯᠠᠭᠠᠨᠪᠠᠭᠠᠲᠤᠷ ᠬᠣᠲᠠ᠂ ᠭᠣᠪᠢ-ᠠᠯᠲᠠᠢ᠂ ᠪᠠᠶᠠᠨᠬᠣᠩᠭᠣᠷ ᠠᠶᠢᠮᠠᠭ ᠤᠨ ᠪᠠᠭᠰᠢ᠂ ᠰᠤᠷᠤᠭᠴᠢᠳ᠂ ᠨᠡᠶᠢᠲᠡ 100 ᠭᠠᠷᠤᠢ ᠬᠦᠮᠦᠨ ᠣᠷᠣᠯᠴᠠᠭᠰᠠᠨ ᠪᠠᠶᠢᠨ᠎ᠠ᠃ ᠤᠷᠤᠯᠳᠤᠭᠠᠨ ᠢ 12 ᠬᠦᠷᠲᠡᠯᠡᠬᠢ ᠨᠠᠰᠤᠨ ᠤ᠂ 18 ᠬᠦᠷᠲᠡᠯᠡᠬᠢ ᠨᠠᠰᠤᠨ ᠤ᠂ ᠭᠣᠴᠣᠯᠠᠯ ᠪᠠ ᠬᠠᠮᠲᠤᠯᠢᠭ ᠳᠠᠭᠤᠤ᠂ ᠨᠠᠰᠤᠨ ᠳᠤ ᠬᠦᠷᠦᠭᠰᠡᠳ ᠦᠨ ᠭᠣᠴᠣᠯᠠᠯ ᠪᠠ ᠬᠠᠮᠲᠤᠯᠢᠭ ᠳᠠᠭᠤᠨ ᠤ ᠲᠥᠷᠥᠯ ᠢᠶᠡᠷ ᠡᠬᠢᠨ ᠦ 3 ᠪᠠᠶᠢᠷᠢ ᠶᠢ ᠲᠤᠰ ᠲᠤᠰ ᠰᠢᠯᠭᠠᠷᠠᠭᠤᠯᠵᠤ ᠳ᠋ᠢᠫᠯᠣᠮ᠂ ᠮᠥᠩᠭᠥᠨ ᠱᠠᠩᠨᠠᠯ ᠢᠶᠠᠷ ᠱᠠᠩᠨᠠᠯ᠎ᠠ᠃

ᠰᠡᠳᠬᠢᠭᠳᠡᠯ ᠦᠯᠡᠳᠡᠭᠡᠬᠦ