ᠶᠸᠪᠭᠸᠨᠢ ᠵᠸᠷᠪᠠᠶ᠋ᠸ ᠮᠣᠩᠭᠣᠯ  ᠤᠨ ᠨᠡᠷ᠎ᠡ ᠪᠡᠷ ᠪᠠᠷᠢᠯᠳᠤᠬᠤ ᠳᠤ ᠪᠡᠯᠡᠨ ᠭᠡᠵᠡᠢ  | News.MN

ᠶᠸᠪᠭᠸᠨᠢ ᠵᠸᠷᠪᠠᠶ᠋ᠸ ᠮᠣᠩᠭᠣᠯ  ᠤᠨ ᠨᠡᠷ᠎ᠡ ᠪᠡᠷ ᠪᠠᠷᠢᠯᠳᠤᠬᠤ ᠳᠤ ᠪᠡᠯᠡᠨ ᠭᠡᠵᠡᠢ 

 

ᠰᠠᠶ᠋ᠢᠬᠠᠨ ᠪᠣᠯᠤᠭᠰᠠᠨ ᠣᠷᠣᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠮᠥᠩᠭᠥᠨ ᠮᠸᠳᠠᠯᠲᠤ ᠪᠥᠬᠡ ᠥᠭᠡᠷ᠎ᠡ ᠣᠷᠣᠨ ᠤ ᠳᠠᠯᠪᠠᠭᠠᠨ ᠳᠣᠣᠷ᠎ᠠ ᠪᠠᠷᠢᠯᠳᠤᠵᠤ ᠮᠠᠭᠠᠳ ᠦᠭᠡᠢ ᠪᠠᠶᠢᠨ᠎ᠠ᠃  ᠤᠯᠠᠭᠠᠨ ᠦᠳᠡ ᠳᠦ ᠪᠣᠯᠤᠭᠰᠠᠨ ᠲᠡᠮᠡᠴᠡᠭᠡᠨ ᠡᠴᠡ ᠪᠤᠷᠢᠶᠠᠳ ᠤᠨ ᠴᠢᠯᠦᠭᠡᠲᠦ ᠪᠥᠬᠡ ᠶᠢᠨ ᠲᠠᠮᠢᠷᠴᠢᠨ ᠶᠸᠪᠭᠸᠨᠢ ᠵᠸᠷᠪᠠᠶ᠋ᠸ ᠮᠥᠩᠭᠥᠨ ᠮᠧᠳᠠᠯ ᠬᠦᠷᠲᠡᠭᠰᠡᠨ᠃ ᠪᠤᠷᠢᠶᠠᠳ ᠤᠨ ᠲᠠᠮᠢᠷᠴᠢᠳ ᠳᠣᠲᠣᠷ᠎ᠠ ᠬᠠᠮᠤᠭ ᠤᠨ ᠥᠨᠳᠥᠷ ᠠᠮᠵᠢᠯᠲᠠ ᠭᠠᠷᠭᠠᠭᠰᠠᠨ  ᠲᠡᠷᠡ ᠣᠳᠣ 26 ᠨᠠᠰᠤᠲᠠᠢ᠃
ᠣᠷᠣᠰ ᠤᠨ ᠪᠠᠭ ᠥᠷᠢᠰᠦᠯᠳᠦᠭᠡᠨ ᠶᠡᠬᠡ ᠲᠡᠢ ᠲᠤᠯᠠ ᠲᠡᠭᠦᠨ ᠢ ᠥᠭᠡᠷ᠎ᠡ ᠤᠯᠤᠰ ᠤᠨ ᠳᠠᠯᠪᠠᠭᠠᠨ ᠳᠣᠣᠷ᠎ᠠ ᠪᠠᠷᠢᠯᠳᠤᠵᠤ ᠮᠠᠭᠠᠳ ᠦᠭᠡᠢ ᠭᠡᠵᠦ ᠳᠥᠷᠪᠡᠨ ᠵᠢᠯ ᠦᠨ ᠡᠮᠦᠨ᠎ᠡ ᠡᠴᠡ ᠶᠠᠷᠢᠭᠳᠠᠵᠤ ᠪᠠᠶᠢᠭ᠎ᠠ᠃ ᠶᠸᠪᠭᠸᠨᠢ ᠵᠸᠷᠪᠠᠶ᠋ᠸ ᠄ ᠳᠡᠯᠡᠬᠡᠢ ᠶᠢᠨ ᠠᠪᠤᠷᠭᠤ ᠠᠴᠠ ᠢᠯᠡᠭᠦᠦ ᠣᠷᠣᠰ ᠤᠨ ᠠᠪᠤᠷᠭᠤ ᠳᠤ ᠢᠯᠠᠯᠲᠠ ᠪᠠᠶᠢᠭᠤᠯᠬᠤ ᠬᠡᠴᠡᠭᠦᠦ᠃ ᠥᠷᠢᠰᠦᠯᠳᠦᠭᠡᠨ ᠶᠡᠬᠡ ᠲᠡᠢ᠃ ᠣᠷᠣᠰ ᠣᠷᠣᠨ ᠲᠣᠮᠣ᠂ ᠣᠯᠠᠨ ᠪᠥᠬᠡᠴᠦᠳ ᠲᠡᠢ᠂ ᠣᠯᠢᠮᠫ ᠲᠤ ᠵᠥᠪᠬᠡᠨ ᠨᠠᠢ᠌ᠮᠠᠨ ᠲᠠᠮᠢᠷᠴᠢᠨ ᠯᠠ ᠶᠠᠪᠤᠳᠠᠭ᠃ ᠬᠡᠷᠪᠡ ᠮᠣᠩᠭᠣᠯ ᠤᠨ ᠨᠡᠷ᠎ᠡ ᠶᠢᠨ ᠡᠮᠦᠨ᠎ᠡ ᠡᠴᠡ ᠤᠷᠤᠯᠴᠠᠬᠤ ᠲᠡᠶᠢᠮᠦ ᠪᠣᠯᠤᠮᠵᠢ ᠣᠯᠳᠠᠪᠠᠯ᠂ ᠪᠢ ᠠᠰᠢᠭᠯᠠᠨ᠎ᠠ ᠭᠡᠵᠦ ᠬᠡᠯᠡᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ