ᠮ ∙ᠠᠨᠠᠨᠳᠠ ᠵᠣᠳᠣᠭ ᠲᠠᠶᠢᠯᠤᠯ᠎ᠠ  | News.MN

ᠮ ∙ᠠᠨᠠᠨᠳᠠ ᠵᠣᠳᠣᠭ ᠲᠠᠶᠢᠯᠤᠯ᠎ᠠ 

 

ᠶᠠᠫᠣᠨ ᠤ ᠮᠡᠷᠭᠡᠵᠢᠯ ᠦᠨ ᠰᠦᠮᠦᠦ ᠪᠥᠬᠡ ᠶᠢᠨ 71 ᠳ᠋ᠡᠬᠢ ᠶᠡᠬᠡ ᠠᠪᠤᠷᠭᠤ ᠺᠠᠺᠤᠷᠢᠤ᠋ ᠬᠡᠮᠡᠬᠦ ᠮᠠᠩᠭᠤᠯᠵᠠᠪ ᠤᠨ  ᠠᠨᠠᠨᠳᠠ ᠵᠣᠳᠣᠭ ᠲᠠᠶᠢᠯᠵᠠᠢ᠃ 2020 ᠣᠨ ᠤ ᠳᠣᠯᠣᠳᠤᠭᠠᠷ ᠰᠠᠷ᠎ᠠ᠍ ᠠᠴᠠ ᠬᠣᠶᠢᠰᠢ ᠡᠬᠢᠯᠡᠨ ᠳᠥᠷᠪᠡᠨ ᠲᠡᠮᠡᠴᠡᠭᠡᠨ ᠳᠠᠷᠠᠭᠠᠯᠠᠨ ᠪᠠᠷᠢᠯᠳᠤᠯ ᠦᠭᠡᠢ ᠥᠨᠵᠢᠭᠰᠡᠨ ᠮ∙ᠠᠨᠠᠨᠳᠠ ᠬᠠᠷᠦ᠋ ᠪᠠᠱᠶᠤ᠋ ᠳᠤ ᠣᠷᠣᠯᠴᠠᠬᠤ ᠪᠠᠷ ᠪᠡᠯᠡᠳᠬᠡᠯ ᠬᠢᠵᠦ ᠪᠠᠶᠢᠭᠰᠠᠨ ᠴᠤ ᠵᠡᠭᠦᠨ ᠬᠥᠯ ᠢᠶᠡᠨ ᠭᠡᠮᠲᠦᠭᠡᠨ ᠪᠠᠷᠢᠯᠳᠤᠵᠤ ᠴᠢᠳᠠᠭ᠎ᠠ ᠦᠭᠡᠢ ᠶᠤᠮ᠃ ᠤᠯᠠᠮ ᠢᠶᠠᠷ  ᠰᠦᠮᠦᠦ ᠪᠥᠬᠡ ᠶᠢᠨ ᠬᠣᠯᠪᠣᠭᠠᠨ ᠤ ᠬᠢᠨ ᠤ ᠰᠢᠬᠠᠯᠲᠠ ᠳᠤ ᠤᠷᠤᠵᠤ ᠵᠣᠳᠣᠭ ᠲᠠᠶᠢᠯᠤᠭᠰᠠᠨ ᠪᠣᠯᠤᠯᠲᠠᠢ᠃
ᠮ∙ᠠᠨᠠᠨᠳᠠ ᠳᠡᠭᠡᠳᠦ ᠵᠢᠨᠳᠠᠭᠠᠨ ᠳᠤ ᠵᠢᠷᠭᠤᠭᠠᠨ ᠤᠳᠠᠭ᠎ᠠ ᠲᠦᠷᠦᠭᠦᠯᠡᠭᠰᠡᠨ᠃ ᠮᠡᠷᠭᠡᠵᠢᠯ ᠦᠨ ᠰᠦᠮᠦᠦ ᠳᠤ ᠨᠡᠶᠢᠲᠡ 785 ᠪᠠᠷᠢᠯᠳᠤᠵᠤ᠂ 497 ᠳᠠᠪᠠᠵᠤ᠂ 236 ᠤᠨᠠᠵᠠᠢ᠃ 20 ᠵᠢᠯ ᠪᠠᠷᠢᠯᠳᠤᠬᠤ ᠳᠤ ᠪᠠᠨ ᠲᠤᠰᠬᠠᠢ ᠱᠠᠩᠨᠠᠯ ᠢ 9 ᠤᠳᠠᠭ᠎ᠠ ᠬᠦᠷᠲᠡᠭᠰᠡᠨ ᠰᠠᠶᠢᠬᠠᠨ ᠠᠪᠤᠷᠭᠤ ᠪᠠᠶᠢᠯ᠎ᠠ᠃ ᠲᠡᠷᠡ ᠪᠡᠷ ᠴᠢᠨᠠᠭᠰᠢᠳᠠ ᠺᠠᠺᠤᠷᠢᠤ᠋ ᠨᠡᠷ᠎ᠡ ᠪᠡᠷ ᠢᠶᠡᠨ ᠰᠦᠮᠦᠦ ᠶᠢᠨ ᠬᠣᠯᠪᠣᠭᠠᠨ ᠳᠤ ᠠᠵᠢᠯᠯᠠᠨ᠎ᠠ᠃ ᠶᠣᠺᠣᠽᠦᠨᠠ ᠴᠣᠯᠠᠲᠠᠨ ᠵᠣᠳᠣᠭ ᠲᠠᠶᠢᠯᠤᠭᠠᠳ ᠨᠡᠷ᠎ᠡ ᠪᠡᠷ ᠢᠶᠡᠨ ᠲᠠᠪᠤᠨ ᠵᠢᠯ ᠬᠣᠯᠪᠣᠭᠠᠨ ᠳᠤ ᠠᠵᠢᠯᠯᠠᠬᠤ ᠡᠷᠬᠡ ᠲᠡᠢ ᠪᠠᠶᠢᠳᠠᠭ᠃

ᠰᠡᠳᠬᠢᠭᠳᠡᠯ ᠦᠯᠡᠳᠡᠭᠡᠬᠦ