ᠤᠯᠤᠰ ᠲᠦᠷᠦᠴᠢᠳ ᠭᠦᠳᠭᠡᠬᠦ ᠵᠦᠢᠯ ᠠᠩᠭᠢ ᠪᠠᠷ ᠭᠣᠮᠣᠳᠠᠯ ᠭᠠᠷᠭᠠᠬᠤ ᠦᠭᠡᠢ | News.MN

ᠤᠯᠤᠰ ᠲᠦᠷᠦᠴᠢᠳ ᠭᠦᠳᠭᠡᠬᠦ ᠵᠦᠢᠯ ᠠᠩᠭᠢ ᠪᠠᠷ ᠭᠣᠮᠣᠳᠠᠯ ᠭᠠᠷᠭᠠᠬᠤ ᠦᠭᠡᠢ

ᠤᠯᠤᠰ ᠤᠨ ᠶᠡᠬᠡ ᠬᠤᠷᠠᠯ  ᠤᠨ ᠭᠡᠰᠢᠭᠦᠨ ᠪ ∙ ᠡᠩᠬᠡᠪᠠᠶᠠᠷ᠂ ᠮ ∙ ᠣᠶᠤᠨᠴᠢᠮᠡᠭ᠂ ᠪ ∙ ᠵᠢᠷᠭᠠᠯᠮ᠎ᠠ ᠨᠠᠷ ᠡᠷᠡᠭᠦᠦ ᠶᠢᠨ ᠬᠠᠤᠯᠢ ᠳᠤ ᠨᠡᠮᠡᠯᠲᠡ᠂ ᠥᠭᠡᠷᠡᠴᠢᠯᠡᠯᠲᠡ ᠤᠷᠤᠭᠤᠯᠬᠤ ᠲᠥᠰᠥᠯ ᠢ ᠥᠨᠥᠳᠥᠷ ᠤᠯᠤᠰ ᠤᠨ ᠶᠡᠬᠡ ᠬᠤᠷᠠᠯ ᠤᠨ ᠳᠠᠷᠤᠭ᠎ᠠ ᠭ∙ᠽᠠᠨᠳᠠᠨᠰᠢᠲᠠᠷ᠎ᠠ ᠳᠤ ᠡᠷᠭᠦᠨ  ᠪᠠᠷᠢᠯ᠎ᠠ᠃ ᠤᠭ ᠬᠠᠤᠯᠢ ᠳᠤ ᠲᠥᠷᠥ ᠶᠢᠨ ᠪᠠᠶᠢᠭᠤᠯᠤᠯᠭ᠎ᠠ ᠨᠤᠭᠤᠳ᠂ ᠤᠯᠤᠰ ᠲᠥᠷᠥ ᠳᠦ ᠨᠥᠯᠥᠭᠡ ᠪᠦᠬᠦᠢ ᠡᠲᠡᠭᠡᠳ ᠲᠥᠷᠥ ᠶᠢᠨ ᠠᠯᠪᠠᠨ ᠲᠤᠰᠢᠶᠠᠯᠲᠠᠨ ᠤ  ᠬᠤᠪᠢ ᠪᠠᠷ ᠡᠷᠡᠭᠦᠦ ᠶᠢᠨ ᠬᠠᠤᠯᠢ ᠶᠢᠨ ᠭᠦᠳᠭᠡᠬᠦ ᠭᠡᠰᠡᠨ ᠵᠦᠢᠯ ᠠᠩᠭᠢ ᠪᠠᠷ ᠴᠠᠭᠳᠠᠭ᠎ᠠ ᠳᠤ ᠭᠣᠮᠣᠳᠠᠯ ᠭᠠᠷᠭᠠᠬᠤ ᠦᠭᠡᠢ ᠭᠡᠰᠡᠨ ᠲᠠᠶᠢᠯᠪᠤᠷᠢ ᠣᠷᠣᠭᠤᠯᠵᠤ ᠪᠠᠶᠢᠭ᠎ᠠ ᠶᠢ ᠪ∙ᠡᠩᠬᠡᠪᠠᠶᠠᠷ ᠣᠨᠴᠠᠯᠠᠭᠰᠠᠨ ᠶᠤᠮ᠃

ᠲᠡᠷᠡᠪᠡᠷ᠄ ᠤᠯᠤᠰ ᠲᠥᠷᠦᠴᠢ ᠬᠦᠮᠦᠨ ᠦ ᠠᠷᠤ ᠳᠤ ᠲᠥᠷᠥ ᠶᠢᠨ ᠨᠡᠷ᠎ᠡ ᠬᠦᠨᠳᠦ᠂ ᠣᠯᠠᠨ ᠨᠡᠶᠢᠲᠡ ᠶᠢᠨ ᠡᠷᠬᠡ ᠠᠰᠢᠭ ᠪᠠᠶᠢᠳᠠᠭ᠃ ᠲᠡᠶᠢᠮᠦ ᠡᠴᠡ ᠤᠯᠤᠰ ᠲᠥᠷᠦᠴᠢ ᠬᠦᠮᠦᠨ ᠬᠠᠷᠢᠭᠤᠴᠠᠯᠭ᠎ᠠ ᠲᠠᠢ᠂ ᠨᠡᠭᠡᠭᠡᠯᠲᠡ ᠲᠡᠢ ᠪᠠᠢᠬᠤ᠂ ᠬᠠᠷᠠᠳᠠᠯᠭ᠎ᠠ᠂ ᠰᠡᠷᠡᠳᠡᠯᠭᠡ ᠳᠦ ᠬᠦᠯᠢᠶᠡᠴᠡ ᠲᠡᠢ᠂ ᠲᠡᠪᠴᠢᠶᠡᠷᠢ ᠲᠡᠢ ᠪᠠᠶᠢᠬᠤ ᠬᠡᠷᠡᠭᠲᠡᠢ᠃ ᠥᠭᠡᠷ᠎ᠡ ᠪᠡᠷ ᠬᠡᠯᠡᠪᠡᠯ᠂ ᠢᠷᠭᠡᠳ ᠦᠨ ᠦᠭᠡ ᠬᠡᠯᠡᠬᠦ᠂ ᠦᠵᠡᠯ ᠪᠣᠳᠣᠯ ᠢᠶᠠᠨ ᠢᠯᠡᠷᠬᠡᠶᠢᠯᠡᠬᠦ᠂ ᠬᠠᠷᠠᠳᠠᠬᠤ ᠡᠷᠬᠡ ᠶᠢ ᠠᠯᠪᠠᠨ ᠲᠤᠰᠢᠶᠠᠯ ᠤᠨ ᠳᠠᠪᠠᠭᠤ ᠪᠠᠶᠢᠳᠠᠯ ᠢᠶᠠᠨ ᠠᠰᠢᠭᠯᠠᠨ ᠵᠥᠷᠢᠴᠡᠵᠦ ᠪᠣᠯᠬᠤ ᠦᠭᠡᠢ ᠬᠡᠮᠡᠪᠡ᠃

 

ᠰᠡᠳᠬᠢᠭᠳᠡᠯ ᠦᠯᠡᠳᠡᠭᠡᠬᠦ