ᠳᠡᠯᠡᠬᠡᠢ ᠶᠢᠨ ᠰᠢᠤᠳᠠᠨ ᠬᠣᠯᠪᠣᠭᠠᠨ ᠤ ᠳᠦᠷᠢᠮ ᠦᠨ ᠨᠡᠮᠡᠯᠲᠡ ᠫᠷᠣᠲ᠋ᠣᠺᠣᠯ ᠢ ᠪᠠᠲᠤᠯᠠᠨ᠎ᠠ | News.MN

ᠳᠡᠯᠡᠬᠡᠢ ᠶᠢᠨ ᠰᠢᠤᠳᠠᠨ ᠬᠣᠯᠪᠣᠭᠠᠨ ᠤ ᠳᠦᠷᠢᠮ ᠦᠨ ᠨᠡᠮᠡᠯᠲᠡ ᠫᠷᠣᠲ᠋ᠣᠺᠣᠯ ᠢ ᠪᠠᠲᠤᠯᠠᠨ᠎ᠠ

 

ᠤᠯᠤᠰ ᠤᠨ ᠶᠡᠬᠡ ᠬᠤᠷᠠᠯ ᠤᠨ ᠠᠶᠤᠯᠭᠦᠢ ᠪᠠᠶᠢᠳᠠᠯ᠂ ᠭᠠᠳᠠᠭᠠᠳᠤ ᠪᠣᠳᠣᠯᠭ᠎ᠠ ᠶᠢᠨ ᠪᠠᠶᠢᠩᠭᠤ ᠶᠢᠨ ᠬᠣᠷᠢᠶᠠᠨ ᠤ ᠥᠨᠥᠳᠥᠷ ᠦᠨ ᠬᠤᠷᠠᠯᠳᠤᠭᠠᠨ ᠢᠶᠠᠷ ᠵᠠᠰᠠᠭ ᠤᠨ ᠭᠠᠵᠠᠷ ᠠᠴᠠ ᠡᠷᠭᠦᠨ ᠮᠡᠳᠡᠭᠦᠯᠦᠭᠰᠡᠨ ᠳᠡᠯᠡᠬᠡᠢ ᠶᠢᠨ ᠰᠢᠤᠳᠠᠨ ᠬᠣᠯᠪᠣᠭᠠᠨ ᠤ ᠳᠦᠷᠢᠮ ᠦᠨ 10 ᠳ᠋ᠤᠭᠠᠷ ᠨᠡᠮᠡᠯᠲᠡ ᠫᠷᠣᠲ᠋ᠣᠺᠣᠯ ᠢ ᠰᠣᠶᠣᠷᠬᠠᠨ ᠪᠠᠲᠤᠯᠠᠬᠤ ᠲᠤᠬᠠᠢ ᠬᠠᠤᠯᠢ ᠶᠢᠨ ᠲᠥᠰᠥᠯ ᠢ ᠬᠡᠯᠡᠯᠴᠡᠵᠦ᠂ ᠳᠡᠮᠵᠢᠯ᠎ᠡ᠃ ᠳᠡᠯᠡᠬᠡᠢ ᠶᠢᠨ ᠰᠢᠤᠳᠠᠨ ᠬᠣᠯᠪᠣᠭ᠎ᠠ ᠳᠤ 192 ᠤᠯᠤᠰ ᠭᠡᠰᠢᠭᠦᠨ ᠢᠶᠡᠷ ᠨᠢᠭᠡᠳᠦᠭᠰᠡᠨ ᠪᠥᠭᠡᠳ ᠬᠣᠯᠪᠣᠭᠠᠨ ᠤ ᠲᠥᠪ ᠨᠢ  ᠰᠸᠢᠰ  ᠲᠦ᠂ ᠠᠽᠢᠶ᠎ᠠ-ᠨᠣᠮᠣᠬᠠᠨ ᠳᠠᠯᠠᠢ ᠶᠢᠨ ᠪᠥᠰᠡ ᠨᠤᠲᠤᠭ ᠤᠨ ᠰᠠᠯᠪᠤᠷᠢ ᠨᠢ  ᠲᠠᠢᠯᠠᠨᠳ᠋ ᠤᠨ ᠸᠠᠩᠲᠤ ᠤᠯᠤᠰ  ᠲᠤ ᠪᠠᠶᠢᠷᠢᠯᠠᠳᠠᠭ᠃
ᠮᠠᠨ ᠤ ᠤᠯᠤᠰ 1963 ᠣᠨ ᠳᠤ ᠲᠤᠰ ᠬᠣᠯᠪᠣᠭᠠᠨ ᠤ ᠪᠦᠷᠢᠨ ᠡᠷᠬᠡᠲᠦ ᠭᠡᠰᠢᠭᠦᠨ ᠢᠶᠡᠷ ᠡᠯᠰᠡᠵᠦ᠂ 1964 ᠣᠨ ᠳᠤ ᠳᠡᠯᠡᠬᠡᠢ ᠶᠢᠨ ᠰᠢᠤᠳᠠᠨ ᠬᠣᠯᠪᠣᠭᠠᠨ ᠤ ᠳᠦᠷᠢᠮ ᠢ ᠬᠦᠯᠢᠶᠡᠨ ᠵᠦᠪᠰᠢᠶᠡᠷᠡᠵᠦ᠂ ᠭᠠᠷ ᠤᠨ ᠦᠰᠦᠭ ᠵᠢᠷᠤᠵᠠᠢ᠃ 10 ᠳ᠋ᠤᠭᠠᠷ ᠨᠡᠮᠡᠯᠲᠡ ᠫᠷᠣᠲ᠋ᠣᠺᠣᠯ ᠢᠶᠡᠷ ᠰᠢᠤᠳᠠᠨ ᠤ ᠰᠠᠯᠪᠤᠷᠢ ᠶᠢᠨ ᠲᠣᠭᠲᠠᠪᠤᠷᠢᠲᠠᠢ ᠬᠥᠭᠵᠢᠯ ᠢ ᠬᠠᠩᠭᠠᠬᠤ᠂ ᠦᠢᠯᠡᠴᠢᠯᠡᠭᠡᠨ ᠦ ᠴᠢᠨᠠᠷ᠂ ᠦᠷ᠎ᠡ ᠠᠰᠢᠭ ᠢ ᠳᠡᠭᠡᠭᠰᠢᠯᠡᠭᠦᠯᠬᠦ᠂ ᠭᠠᠳᠠᠭᠠᠳᠤ ᠬᠠᠮᠲᠤ ᠶᠢᠨ ᠠᠵᠢᠯᠯᠠᠭ᠎ᠠ ᠶᠢ ᠥᠷᠭᠡᠵᠢᠭᠦᠯᠬᠦ᠂  ᠰᠢᠤᠳᠠᠨ ᠤ ᠰᠦᠯᠵᠢᠶ᠎ᠡ ᠪᠡᠷ ᠳᠠᠮᠵᠢᠭᠤᠯᠬᠤ ᠢᠯᠡᠭᠡᠮᠵᠢ ᠶᠢ ᠴᠢᠯᠦᠭᠡᠲᠡᠢ ᠰᠤᠯᠢᠯᠴᠠᠬᠤ ᠪᠠᠲᠤᠯᠠᠭ᠎ᠠ ᠶᠢ ᠪᠦᠷᠢᠳᠦᠭᠦᠯᠬᠦ᠂ ᠰᠢᠨ᠎ᠡ ᠲᠧᠭᠨᠢᠭ ᠲᠧᠭᠨᠣᠯᠣᠭᠢ ᠨᠡᠪᠲᠡᠷᠡᠭᠦᠯᠬᠦ᠂ ᠬᠠᠮᠲᠤ ᠶᠢᠨ ᠠᠵᠢᠯᠯᠠᠭ᠎ᠠ ᠶᠢ ᠪᠡᠬᠢᠵᠢᠭᠦᠯᠬᠦ ᠠᠴᠢ ᠬᠣᠯᠪᠣᠭᠳᠠᠯ ᠲᠠᠢ ᠃

ᠰᠡᠳᠬᠢᠭᠳᠡᠯ ᠦᠯᠡᠳᠡᠭᠡᠬᠦ