ᠪ ∙ ᠴᠠᠭᠠᠨᠪᠠᠭᠠᠲᠤᠷ ᠢ ᠲᠤᠤᠺᠢᠤ᠋ ᠫᠠᠷᠠᠯᠢᠮᠫ ᠤᠨ ᠨᠠᠭᠠᠳᠤᠮ ᠤᠨ ᠰᠢᠭᠦᠭᠴᠢ ᠪᠡᠷ ᠲᠤᠮᠢᠯᠠᠪᠠ  | News.MN

ᠪ ∙ ᠴᠠᠭᠠᠨᠪᠠᠭᠠᠲᠤᠷ ᠢ ᠲᠤᠤᠺᠢᠤ᠋ ᠫᠠᠷᠠᠯᠢᠮᠫ ᠤᠨ ᠨᠠᠭᠠᠳᠤᠮ ᠤᠨ ᠰᠢᠭᠦᠭᠴᠢ ᠪᠡᠷ ᠲᠤᠮᠢᠯᠠᠪᠠ 

 

ᠳᠡᠯᠡᠬᠡᠢ ᠶᠢᠨ ᠲᠷᠢᠶᠠᠲᠯᠤᠨ ᠤ ᠬᠣᠯᠪᠣᠭᠠᠨ ᠤ ᠤᠳᠤᠷᠢᠳᠬᠤ ᠵᠥᠪᠯᠡᠯ ᠬᠤᠷᠠᠯᠳᠤᠵᠤ᠂ ᠰᠫᠣᠷᠲ ᠤᠨ ᠰᠡᠳᠬᠦᠯᠴᠢ ᠪ∙ᠴᠠᠭᠠᠨᠪᠠᠭᠠᠲᠤᠷ ᠢ ᠲᠤᠤᠺᠢᠤ᠋ ᠫᠠᠷᠠᠯᠢᠮᠫ ᠤᠨ ᠨᠠᠭᠠᠳᠤᠮ ᠤᠨ ᠰᠢᠭᠦᠭᠴᠢ ᠪᠡᠷ ᠲᠤᠮᠢᠯᠠᠪᠠ᠃ ᠲᠡᠷᠡᠪᠡᠷ 2012 ᠣᠨ ᠠᠴᠠ ᠣᠯᠠᠨ ᠤᠯᠤᠰ ᠤᠨ ᠬᠣᠶᠠᠳᠤᠭᠠᠷ ᠵᠡᠷᠭᠡ ᠶᠢᠨ ᠰᠢᠭᠦᠭᠴᠢ ᠪᠣᠯᠵᠤ᠂ 2019 ᠣᠨ ᠠᠴᠠ ᠠᠽᠢᠶ᠎ᠠ ᠶᠢᠨ ᠲᠷᠢᠶᠠᠲᠯᠤᠨ  ᠤ ᠬᠣᠯᠪᠣᠭᠠᠨ ᠤ ᠤᠳᠤᠷᠢᠳᠬᠤ ᠵᠥᠪᠯᠡᠯ ᠦᠨ ᠭᠡᠰᠢᠭᠦᠨ᠂ ᠰᠢᠭᠦᠭᠴᠢᠳ ᠦᠨ ᠬᠣᠷᠢᠶᠠᠨ ᠤ ᠳᠠᠷᠤᠭ᠎ᠠ᠂ 2004 ᠣᠨ ᠳᠤ ᠮᠣᠩᠭᠣᠯ ᠤᠨ ᠲᠷᠢᠶᠠᠲᠯᠤᠨ  ᠤ ᠬᠣᠯᠪᠣᠭ᠎ᠠ ᠶᠢ ᠡᠭᠦᠰᠬᠡᠨ ᠪᠠᠶᠢᠭᠤᠯᠵᠤ᠂ ᠲᠤᠰ ᠬᠣᠯᠪᠣᠭᠠᠨ ᠤ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠪᠠᠷ ᠠᠵᠢᠯᠯᠠᠵᠤ ᠪᠠᠶᠢᠨ᠎ᠠ᠃ ᠮᠥᠨ ᠣᠯᠠᠨ ᠤᠯᠤᠰ᠂ ᠲᠢᠪ᠂ ᠳᠡᠯᠡᠬᠡᠢ ᠶᠢᠨ ᠲᠦᠪᠰᠢᠨ ᠦ 30 ᠭᠠᠷᠤᠢ ᠲᠡᠮᠡᠴᠡᠭᠡᠨ ᠳᠦ ᠰᠢᠭᠦᠭᠴᠢ ᠪᠡᠷ ᠣᠷᠣᠯᠴᠠᠭᠠᠳ ᠪᠠᠶᠢᠭ᠎ᠠ ᠶᠤᠮ᠃

ᠰᠡᠳᠬᠢᠭᠳᠡᠯ ᠦᠯᠡᠳᠡᠭᠡᠬᠦ