ᠳ᠋ᠠᠸᠤᠨ ᠤ ᠬᠣᠯᠪᠣᠭᠠᠨ ᠤ ᠭᠡᠰᠢᠭᠦᠨ᠂ ᠰᠤᠷᠤᠭᠴᠢ ᠲ∙ᠲᠡᠯᠮᠡᠭᠦᠨ ᠺᠢᠨᠤ᠋ ᠳᠤ ᠲᠣᠭᠯᠠᠵᠠᠢ  | News.MN

 ᠳ᠋ᠠᠸᠤᠨ ᠤ ᠬᠣᠯᠪᠣᠭᠠᠨ ᠤ ᠭᠡᠰᠢᠭᠦᠨ᠂ ᠰᠤᠷᠤᠭᠴᠢ ᠲ∙ᠲᠡᠯᠮᠡᠭᠦᠨ ᠺᠢᠨᠤ᠋ ᠳᠤ ᠲᠣᠭᠯᠠᠵᠠᠢ 

 

ᠮᠣᠩᠭᠣᠯ ᠤᠨ ᠳ᠋ᠠᠸᠤᠨ  ᠤ ᠬᠣᠯᠪᠣᠭᠠᠨ ᠤ ᠭᠡᠰᠢᠭᠦᠨ᠂ 130 ᠳ᠋ᠤᠭᠠᠷ ᠰᠤᠷᠭᠠᠭᠤᠯᠢ ᠶᠢᠨ ᠲᠡᠭᠰᠢ ᠬᠠᠮᠤᠷᠤᠭᠤᠯᠬᠤ ᠠᠩᠬᠢ ᠶᠢᠨ ᠰᠤᠷᠤᠭᠴᠢ ᠲ ∙ ᠲᠡᠯᠮᠡᠭᠦᠨ ᠵᠦᠴᠦᠭᠡᠴᠢᠨ ᠳ ∙ ᠪᠠᠲᠤᠲᠡᠮᠦᠷ ᠦᠨ ᠨᠠᠶᠢᠷᠠᠭᠤᠯᠵᠤ ᠪᠤᠢ ︽ТРИО︾ᠺᠢᠨᠤ᠋ ᠳᠤ ᠳᠦᠷᠢ ᠪᠦᠲᠦᠭᠡᠵᠡᠢ᠃  ᠡᠨᠡ ᠤᠷᠠᠨ ᠪᠦᠲᠦᠭᠡᠯ ᠨᠢ ᠳ᠋ᠠᠸᠤᠨ  ᠲᠠᠢ ᠬᠡᠦᠬᠡᠳ ᠠᠩᠬ᠎ᠠ ᠤᠳᠠᠭ᠎ᠠ ᠲᠣᠭᠯᠠᠵᠤ ᠪᠤᠢ᠂ ᠮᠥᠨ ᠳ᠋ᠠᠸᠤᠨ  ᠲᠠᠢ ᠢᠷᠭᠡᠨ ᠦ ᠳᠦᠷᠢ ᠶᠢ ᠣᠨᠴᠠᠯᠠᠨ ᠭᠠᠷᠭᠠᠵᠤ ᠪᠤᠢ ᠪᠠᠷ ᠢᠶᠠᠨ ᠮᠣᠩᠭᠣᠯ ᠳᠤ ᠪᠠᠨ ᠠᠩᠬᠠᠳᠠᠭᠴᠢ ᠪᠣᠯᠵᠤ ᠪᠤᠢ ᠶᠤᠮ᠃
ᠳ᠋ᠠᠸᠤᠨ  ᠲᠠᠢ ᠬᠦᠮᠦᠨ ᠡᠴᠡ ᠳᠦᠯᠢᠳᠡᠭ᠂ ᠬᠡᠲᠦ  ᠦᠷᠦᠪᠳᠦᠬᠦ᠂ ᠡᠰᠡᠪᠡᠯ ᠢᠯᠭᠠᠪᠤᠷᠢᠯᠠᠨ ᠭᠠᠳᠠᠭᠤᠷᠬᠠᠳᠠᠭ᠂ ᠲᠡᠭᠦᠨᠴᠢᠯᠡᠨ︽ᠮᠣᠩᠭᠣᠯᠣᠶᠢᠳ᠋᠂ ᠮᠣᠩᠭᠣᠯᠢᠰᠮ︾ᠭᠡᠬᠦ ᠦᠭᠡᠰ ᠲᠡᠢ ᠬᠣᠯᠪᠣᠨ ᠪᠦᠳᠦᠭᠦᠯᠢᠭ ᠢᠶᠡᠷ ᠲᠠᠶᠢᠯᠪᠤᠷᠢᠯᠠᠬᠤ ᠬᠠᠨᠳᠤᠯᠭ᠎ᠠ ᠮᠠᠨ ᠤ ᠨᠡᠶᠢᠭᠡᠮ ᠡᠴᠡ ᠠᠷᠢᠯᠤᠭ᠎ᠠ ᠦᠭᠡᠢ ᠬᠡᠪ ᠢᠶᠡᠷ᠃ ᠳᠡᠯᠡᠬᠡᠢ ᠣᠯᠠᠨ ᠬᠡᠯᠡ ᠪᠡᠷ ᠶᠠᠷᠢᠳᠠᠭ ᠴᠤ ᠪᠢᠳᠡᠨ ᠳᠦ ᠳᠤᠮᠳᠠ ᠶᠢᠨ ᠭᠠᠭᠴᠠ ᠯᠠ ᠬᠡᠯᠡ ᠪᠠᠶᠢᠳᠠᠭ᠃ ᠡᠨᠡ ᠪᠣᠯ ᠬᠠᠶᠢᠷ᠎ᠠ ᠬᠡᠮᠡᠨ ᠮᠣᠩᠭᠣᠯ ᠤᠨ ᠳ᠋ᠠᠸᠤᠨ  ᠤ ᠬᠣᠯᠪᠣᠭᠠᠨ ᠠᠴᠠ ᠮᠡᠳᠡᠭᠡᠯᠡᠭᠰᠡᠨ ᠶᠤᠮ᠃

ᠰᠡᠳᠬᠢᠭᠳᠡᠯ ᠦᠯᠡᠳᠡᠭᠡᠬᠦ