︽ᠰᠠᠨᠰᠠᠷ-40 ᠵᠢᠯ︾ᠳᠤᠷᠠᠰᠬᠠᠯ ᠤᠨ ᠵᠣᠭᠣᠰ ᠢ ᠰᠢᠨ᠎ᠡ ᠪᠡᠷ ᠭᠠᠷᠭᠠᠵᠠᠢ  | News.MN

︽ᠰᠠᠨᠰᠠᠷ-40 ᠵᠢᠯ︾ᠳᠤᠷᠠᠰᠬᠠᠯ ᠤᠨ ᠵᠣᠭᠣᠰ ᠢ ᠰᠢᠨ᠎ᠡ ᠪᠡᠷ ᠭᠠᠷᠭᠠᠵᠠᠢ 

 

ᠮᠣᠩᠭᠣᠯ ᠪᠠᠩᠭᠢᠨ ᠤ ᠡᠷᠳᠡᠨᠢᠰ ᠦᠨ ᠰᠠᠩ ᠠᠴᠠ︽ᠰᠠᠨᠰᠠᠷ-40 ᠵᠢᠯ︾ᠳᠤᠷᠠᠰᠬᠠᠯ ᠤᠨ ᠵᠣᠭᠣᠰ ᠭᠠᠷᠭᠠᠵᠤ᠂ ᠵ∙ᠭᠦᠷᠦᠷᠠᠭᠴᠠ ᠪᠠᠭᠠᠲᠤᠷ ᠲᠤ ᠤᠭ ᠳᠤᠷᠠᠰᠬᠠᠯ ᠤᠨ ᠵᠣᠭᠣᠰᠤᠨ ᠤ ᠳᠡᠭᠡᠵᠢ ᠶᠢ ᠥᠴᠥᠭᠡᠳᠦᠷ ᠭᠠᠷᠳᠠᠭᠤᠯᠤᠨ ᠥᠭᠴᠡᠢ᠃ ︽ᠰᠠᠨᠰᠠᠷ-40 ᠵᠢᠯ︾ᠵᠣᠭᠣᠰ ᠨᠢ ᠰᠠᠨᠰᠠᠷ ᠤᠨ ᠠᠭᠤᠳᠠᠮ ᠪᠠᠶᠢᠳᠠᠯ ᠢ obsidian black ᠲᠧᠭᠨᠣᠯᠣᠭᠢ ᠠᠰᠢᠭᠯᠠᠨ ᠬᠠᠷ᠎ᠠ ᠥᠩᠭᠡ ᠪᠡᠷ ᠬᠠᠷᠠᠭᠤᠯᠵᠤ᠂  ᠰᠠᠷᠠ ᠪᠣᠯᠤᠨ ᠳᠡᠯᠡᠬᠡᠢ ᠶᠢ ᠥᠩᠭᠡᠲᠦ ᠪᠡᠷ ᠳᠦᠷᠰᠦᠯᠡᠭᠰᠡᠨ᠃ ᠮᠥᠨ ︽ᠰᠣᠶᠽ -39︾ ᠬᠦᠯᠭᠡ ᠪᠡᠷ︽ᠰᠠᠯᠢᠶᠦ᠋ᠲ -6︾ᠰᠠᠨᠰᠠᠷ ᠤᠨ  ᠰᠲ᠋ᠠᠨᠼ ᠲᠠᠢ ᠬᠣᠯᠪᠣᠭᠳᠠᠭᠰᠠᠨ ᠪᠠᠶᠢᠭ᠎ᠠ ᠪᠠᠷ ᠳᠦᠷᠰᠦᠯᠡᠵᠦ᠂  ᠮᠤᠩᠭᠤᠯ ᠵᠥᠪᠯᠡᠯᠲᠦ  ᠶᠢᠨ ᠰᠠᠨᠰᠠᠷ ᠤᠨ ᠬᠠᠮᠲᠤᠷᠠᠭᠰᠠᠨ ᠨᠢᠰᠦᠯᠭᠡ ᠶᠢᠨ ᠮᠣᠩᠭᠣᠯ ᠲᠠᠯ᠎ᠠ ᠶᠢᠨ ᠯᠤᠭᠤ᠋ ᠶᠢ ᠳᠦᠷᠰᠦᠯᠡᠵᠡᠢ᠃

1981 ᠣᠨ ᠳᠤ ᠲᠤᠰ ᠲᠡᠦᠬᠡᠨ ᠡᠳᠦᠷ ᠢ ᠲᠣᠬᠢᠶᠠᠯᠳᠤᠭᠤᠯᠤᠨ︽ᠵᠦᠪᠯᠡᠯᠲᠦ ᠮᠤᠩᠭᠤᠯ ᠤᠨ ᠰᠠᠨᠰᠠᠷ ᠤᠨ ᠬᠠᠮᠲᠤᠷᠠᠭᠰᠠᠨ ᠨᠢᠰᠦᠯᠭᠡ︾ᠭᠦᠢᠯᠭᠡᠭᠡᠨ ᠦ ᠨᠢᠭᠡ ᠲᠥᠭᠥᠷᠢᠭ᠂ 1994 ᠣᠨ ᠳᠤ︽ᠰᠣᠶᠽ-39︾᠂ ︽ᠰᠠᠯᠢᠶᠦ᠋ᠲ-6︾ᠰᠡᠳᠦᠪᠲᠦ ᠳᠤᠷᠠᠰᠬᠠᠯ ᠤᠨ ᠵᠣᠭᠣᠰ ᠢ ᠭᠠᠷᠭᠠᠵᠤ ᠪᠠᠶᠢᠭᠰᠠᠨ ᠪᠣᠯ 2011 ᠣᠨ ᠳᠤ︽ᠰᠠᠨᠰᠠᠷ ᠤᠨ ᠬᠠᠮᠲᠤᠷᠠᠭᠰᠠᠨ ᠨᠢᠰᠦᠯᠭᠡ 30 ᠵᠢᠯ︾ ᠳᠤᠷᠠᠰᠬᠠᠯ ᠤᠨ ᠮᠥᠩᠭᠥᠨ ᠵᠣᠭᠣᠰ ᠢ 25 ᠭᠷᠠᠮ ᠪᠣᠯᠤᠨ 1 ᠺᠢᠯᠦᠭᠷᠡᠮ ᠤᠨ ᠵᠢᠩ ᠲᠡᠢ ᠪᠡᠷ ᠭᠠᠷᠭᠠᠵᠤ ᠪᠠᠶᠢᠭᠰᠠᠨ ᠶᠤᠮ᠃

ᠰᠡᠳᠬᠢᠭᠳᠡᠯ ᠦᠯᠡᠳᠡᠭᠡᠬᠦ