ᠠᠵᠠ ᠵᠢᠷᠭᠠᠯ ᠤᠨ ᠢᠨᠳᠧᠺᠰ ᠢᠶᠡᠷ ᠳᠡᠯᠡᠬᠡᠢ  ᠳᠤ 70  ᠳ᠋ᠤᠭᠠᠷ ᠲᠤ ᠪᠢᠴᠢᠭᠳᠡᠵᠡᠢ  | News.MN

ᠠᠵᠠ ᠵᠢᠷᠭᠠᠯ ᠤᠨ ᠢᠨᠳᠧᠺᠰ ᠢᠶᠡᠷ ᠳᠡᠯᠡᠬᠡᠢ  ᠳᠤ 70  ᠳ᠋ᠤᠭᠠᠷ ᠲᠤ ᠪᠢᠴᠢᠭᠳᠡᠵᠡᠢ 

 

ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠲᠣᠭᠲᠠᠪᠤᠷᠢᠲᠠᠢ ᠠᠰᠠᠭᠤᠳᠠᠯ ᠡᠷᠬᠢᠯᠡᠭᠰᠡᠨ ᠬᠣᠷᠢᠶᠠᠨ ᠠᠴᠠ World Happiness Report ᠪᠤᠶᠤ ︽ᠳᠡᠯᠡᠬᠡᠢ ᠶᠢᠨ ᠠᠵᠠ ᠵᠢᠷᠭᠠᠯᠠᠩ ᠲᠠᠶᠢᠯᠤᠨ︾ ᠰᠤᠳᠤᠯᠭ᠎ᠠ ᠶᠢ ᠵᠢᠯ ᠪᠦᠷᠢ ᠲᠠᠨᠢᠯᠴᠠᠭᠤᠯᠳᠠᠭ ᠤᠯᠠᠮᠵᠢᠯᠠᠯ ᠲᠠᠢ᠃ ᠡᠨᠡ ᠵᠢᠯ  ᠮᠣᠩᠭᠣᠯ ᠤᠯᠤᠰ ᠠᠵᠠ ᠵᠢᠷᠭᠠᠯ ᠤᠨ ᠢᠨᠳᠧᠺᠰ ᠢᠶᠡᠷ 5.6 ᠣᠨᠣᠭ᠎ᠠ ᠪᠠᠷ 149 ᠣᠷᠣᠨ ᠠᠴᠠ 70 ᠳ᠋ᠤᠭᠠᠷ ᠲᠤ ᠪᠢᠴᠢᠭᠳᠡᠭᠰᠡᠨ ᠪᠠᠶᠢᠨ᠎ᠠ᠃ ᠡᠮᠦᠨᠡᠬᠢ ᠵᠢᠯ ᠳᠦ ᠮᠠᠨ ᠤ ᠤᠯᠤᠰ 81 ᠍ ᠳᠦ ᠪᠢᠴᠢᠭᠳᠡᠵᠦ ᠪᠠᠶᠢᠭᠰᠠᠨ ᠪᠥᠭᠡᠳ ᠡᠨᠡ ᠤᠳᠠᠭ᠎ᠠ ᠳᠤ 11 ᠪᠠᠶᠢᠷᠢ ᠪᠠᠷ ᠤᠷᠤᠭᠰᠢᠯᠠᠵᠠᠢ᠃

ᠤᠯᠤᠰ ᠣᠷᠣᠨ ᠨᠤᠭᠤᠳ ᠤᠨ ᠢᠷᠭᠡᠳ ᠦᠨ ᠠᠵᠠ ᠵᠢᠷᠭᠠᠯ ᠤᠨ ᠲᠦᠪᠰᠢᠨ ᠢ ᠲᠣᠳᠣᠷᠬᠠᠶᠢᠯᠠᠬᠤ ᠳᠤ ᠪᠠᠨ ᠳᠤᠮᠳᠠᠴᠢ ᠨᠠᠰᠤᠯᠠᠯᠲᠠ᠂ ᠨᠡᠶᠢᠭᠡᠮ ᠤᠨ ᠬᠠᠯᠠᠮᠵᠢ᠂ ᠠᠪᠯᠢᠭ᠎ᠠ ᠶᠢᠨ ᠲᠦᠪᠰᠢᠨ᠂ ᠨᠢᠭᠡ ᠬᠦᠮᠦᠨ ᠳᠦ ᠨᠣᠭᠳᠠᠬᠤ GDP᠂ ᠢᠷᠭᠡᠨ ᠦ ᠡᠷᠬᠡ ᠴᠢᠯᠦᠭᠡ᠂ ᠠᠵᠢᠯ ᠤᠨ ᠪᠠᠶᠢᠷᠢᠨ ᠤ ᠪᠠᠲᠤᠯᠠᠭ᠎ᠠ᠂ ᠮᠥᠨ ᠣᠯᠠᠨ ᠨᠡᠶᠢᠲᠡ ᠶᠢᠨ ᠰᠠᠨᠠᠯ ᠠᠰᠠᠭᠤᠯᠭ᠎ᠠ ᠶᠢᠨ ᠳ᠋ᠦᠩ ᠵᠡᠷᠭᠡ ᠬᠡᠳᠦ ᠬᠡᠳᠦᠨ ᠦᠵᠡᠭᠦᠯᠦᠯᠲᠡ ᠶᠢ ᠬᠠᠷᠠᠭᠠᠯᠵᠠᠨ ᠤᠭ ᠲᠠᠢᠯᠤᠨ ᠢ ᠭᠠᠷᠭᠠᠳᠠᠭ ᠶᠤᠮ᠃

ᠰᠡᠳᠬᠢᠭᠳᠡᠯ ᠦᠯᠡᠳᠡᠭᠡᠬᠦ