ᠮ ∙ ᠮᠢᠭᠮᠠᠷᠵᠢᠷᠭᠠᠯ ᠣᠯᠢᠮᠫ ᠤᠨ ᠡᠷᠬᠡ ᠠᠪᠤᠯ᠎ᠠ | News.MN

ᠮ ∙ ᠮᠢᠭᠮᠠᠷᠵᠢᠷᠭᠠᠯ ᠣᠯᠢᠮᠫ ᠤᠨ ᠡᠷᠬᠡ ᠠᠪᠤᠯ᠎ᠠ

 

︽ᠰᠢᠷᠢᠨ ᠪᠡᠭᠡᠯᠡᠢ︾ᠺᠯᠦ᠋ᠫ ᠤᠨ ᠲᠠᠮᠢᠷᠴᠢᠨ ᠮ∙ᠮᠢᠭᠮᠠᠷᠵᠢᠷᠭᠠᠯ ᠲᠤᠤᠺᠢᠤ᠋᠍ ᠶᠢᠨ ᠣᠯᠢᠮᠫ ᠤᠨ 75  ᠺᠢᠯᠦᠭᠷᠡᠮ ᠤᠨ ᠵᠢᠩ ᠳᠦ ᠥᠷᠢᠰᠥᠯᠳᠥᠬᠦ ᠡᠷᠬᠡ ᠪᠡᠨ ᠠᠪᠴᠠᠢ᠃ ᠲᠡᠷᠡ ᠪᠡᠷ᠄ ᠮᠣᠩᠭᠣᠯ ᠤᠨ ᠲᠡᠦᠬᠡᠨ ᠳᠦ ᠡᠮᠡᠭᠲᠡᠢ ᠪᠣᠺᠰᠴᠢᠳ ᠠᠴᠠ ᠬᠠᠮᠤᠭ ᠤᠨ ᠠᠩᠬᠠᠨ ᠤ ᠣᠯᠢᠮᠫ ᠤᠨ ᠡᠷᠬᠡ ᠶᠢ ᠠᠪᠤᠯ᠎ᠠ᠃  ᠲᠠᠬᠤᠯ ᠠᠴᠠ ᠪᠣᠯᠵᠤ ᠵᠢᠷᠭᠤᠳᠤᠭᠠᠷ ᠰᠠᠷ᠎ᠠ ᠳᠤ ᠪᠣᠯᠬᠤ ᠪᠠᠶᠢᠭᠰᠠᠨ ᠣᠯᠢᠮᠫ ᠤᠨ ᠡᠷᠬᠡ ᠶᠢᠨ ᠲᠡᠮᠡᠴᠡᠭᠡᠨ ᠴᠤᠴᠠᠯᠠᠭᠳᠠᠭᠰᠠᠨ᠃ ᠳᠡᠯᠡᠬᠡᠢ ᠶᠢᠨ ᠴᠢᠨᠰᠠᠭ᠎ᠠ ᠶᠢᠨ15 ᠍ ᠳᠦ ᠣᠷᠣᠭᠰᠠᠨ ᠴᠤ ᠳᠤᠲᠠᠭᠤ ᠪᠠᠶᠢᠭᠰᠠᠨ ᠵᠠᠷᠢᠮ ᠣᠨᠣᠭ᠎ᠠ ᠨᠦᠬᠦᠭᠳᠡᠭᠡᠳ ᠴᠢᠨᠰᠠᠭ᠎ᠠ ᠤᠷᠤᠭᠰᠢᠯᠠᠭᠰᠠᠨ᠃ ᠮᠠᠰᠢ ᠬᠦᠨᠳᠦ ᠭᠡᠮᠲᠦᠯ ᠡᠴᠡ ᠪᠣᠯᠵᠤ ᠨᠢᠭᠡ ᠵᠢᠯ ᠪᠡᠯᠡᠳᠬᠡᠯ ᠬᠢᠭᠡ ᠦᠭᠡᠢ ᠴᠤ ᠶᠠᠭ  ᠤᠳᠠᠭ᠎ᠠ ᠠᠴᠠ ᠬᠢᠴᠢᠶᠡᠬᠦ ᠴᠠᠭ ᠢᠷᠡᠯ᠎ᠡ᠃ ᠪᠠᠰᠠ ᠮᠠᠰᠢ ᠶᠡᠬᠡ ᠬᠠᠷᠢᠭᠤᠴᠠᠯᠭ᠎ᠠ ᠢᠷᠡᠵᠦ ᠪᠠᠶᠢᠨ᠎ᠠ᠃ ᠪᠦᠬᠦ  ᠬᠦᠴᠦ ᠪᠡᠷ ᠢᠶᠡᠨ ᠬᠢᠴᠢᠶᠡᠬᠦ ᠪᠣᠯᠤᠨ᠎ᠠ᠃ ᠨᠠᠳᠠ ᠳᠤ ᠡᠭᠦᠨ ᠡᠴᠡ ᠥᠭᠡᠷ᠎ᠡ ᠬᠡᠯᠡᠬᠦ ᠦᠭᠡ ᠦᠨᠡᠨ ᠳᠦ ᠪᠡᠨ ᠠᠯᠠᠭ᠎ᠠ᠃ ᠣᠯᠢᠮᠫ ᠲᠥᠭᠡ ᠲᠡᠷᠡ ᠲᠩᠷᠢ ᠶᠢᠨ ᠵᠦᠢᠯ ᠭᠡᠵᠦ ᠪᠣᠳᠣᠵᠤ ᠪᠠᠶᠢᠭᠰᠠᠨ ᠴᠤ ᠬᠠᠶᠠᠭᠠᠨ ᠳᠤ ᠢᠷᠡᠴᠢᠬᠡᠯ᠎ᠡ ᠭᠡᠯ᠎ᠡ᠃

ᠰᠡᠳᠬᠢᠭᠳᠡᠯ ᠦᠯᠡᠳᠡᠭᠡᠬᠦ