ᠦᠨᠳᠦᠰᠦᠨ ᠦ ᠪᠠᠭ ᠣᠷᠣᠰ  ᠤᠨ ᠪᠠᠭ ᠲᠠᠢ ᠲᠡᠩᠴᠡᠯ᠎ᠡ  | News.MN

ᠦᠨᠳᠦᠰᠦᠨ ᠦ ᠪᠠᠭ ᠣᠷᠣᠰ  ᠤᠨ ᠪᠠᠭ ᠲᠠᠢ ᠲᠡᠩᠴᠡᠯ᠎ᠡ 

 

ᠲᠦᠷᠺ ᠤᠯᠤᠰ ᠤᠨ ᠠᠨᠲ᠋ᠠᠯᠢᠶᠠ ᠬᠤᠲᠠ ᠳᠤ ᠪᠡᠯᠡᠳᠬᠡᠯ ᠬᠢᠵᠦ ᠪᠠᠶᠢᠭ᠎ᠠ ᠮᠣᠩᠭᠣᠯ ᠤᠯᠤᠰ ᠤᠨ ᠦᠨᠳᠦᠰᠦᠨ ᠦ ᠰᠢᠭᠰᠢᠭᠡ ᠪᠠᠭ ᠥᠴᠥᠭᠡᠳᠦᠷ ᠣᠷᠣᠰ ᠤᠨ ᠲᠢᠦ᠋ᠮᠸᠨᠢ ᠪᠠᠭ ᠲᠠᠢ ᠲᠣᠭᠯᠠᠵᠤ᠂ 0᠄0 ᠍ ᠢᠶᠡᠷ ᠲᠡᠩᠴᠡᠯ᠎ᠡ᠃  ᠡᠭᠦᠨ ᠡᠴᠡ ᠡᠮᠦᠨ᠎ᠡ ᠮᠠᠨ ᠤ ᠪᠠᠭ ᠦᠺᠷᠠᠶᠢᠨ ᠪᠣᠯᠤᠨ ᠲᠦᠷᠺ ᠤᠨ ᠪᠠᠭ  ᠲᠠᠢ ᠭᠤᠷᠪᠠᠨ ᠤᠳᠠᠭ᠎ᠠ ᠲᠣᠭᠯᠠᠵᠤ ᠬᠣᠵᠢᠭᠳᠠᠭᠠᠳ ᠪᠠᠶᠢᠭᠰᠠᠨ᠃ ᠲᠣᠭᠯᠠᠯᠲᠠ ᠲᠡᠩᠴᠡᠭᠦᠬᠡᠨ ᠥᠷᠨᠢᠭᠰᠡᠨ ᠪᠥᠭᠡᠳ ᠬᠣᠶᠠᠷ ᠪᠠᠭ ᠲᠤ ᠠᠯᠢ ᠠᠯᠢᠨ ᠳᠤ ᠨᠢ ᠭᠤᠤᠯᠢ ᠤᠷᠤᠭᠤᠯᠬᠤ ᠪᠣᠯᠤᠮᠵᠢ ᠪᠠᠶᠢᠭᠰᠠᠨ ᠭᠡᠳᠡᠭ ᠢ ᠡᠨᠡ ᠲᠠᠯ᠎ᠠ ᠪᠠᠷ ᠮᠡᠳᠡᠭᠡᠯᠡᠭᠰᠡᠨ ᠣᠷᠣᠰ ᠤᠨ ᠰᠠᠢᠲ ᠲᠤ ᠪᠢᠴᠢᠭᠰᠡᠨ ᠪᠠᠶᠢᠨ᠎ᠠ᠃

ᠦᠨᠳᠦᠰᠦᠨ ᠦ ᠰᠢᠭᠰᠢᠭᠡ ᠪᠠᠭ ᠲᠦᠷᠺ ᠤᠯᠤᠰ ᠳᠠᠬᠢ ᠪᠡᠯᠡᠳᠬᠡᠯ ᠢᠶᠡᠨ ᠥᠨᠥᠳᠥᠷ ᠳᠠᠭᠤᠰᠬᠠᠵᠤ᠂  ᠳ᠋ᠤᠱᠠᠩᠪᠸ ᠬᠣᠲᠠ ᠶᠢ ᠵᠣᠷᠢᠬᠤ ᠪᠥᠭᠡᠳ 25 ᠍ ᠤ ᠡᠳᠦᠷ︽ᠺᠠᠲ᠋ᠠᠷ – 2022︾ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠪᠣᠯᠤᠨ 2023 ᠣᠨ ᠤ ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠤᠷᠢᠳᠴᠢᠯᠠᠭᠰᠠᠨ ᠱᠠᠲᠤᠨ ᠳᠤ  ᠲᠠᠵᠢᠺᠰᠲ᠋ᠠᠨ ᠤ ᠰᠢᠭᠰᠢᠭᠡ ᠪᠠᠭ ᠲᠠᠢ ᠲᠣᠭᠯᠠᠬᠤ ᠶᠤᠮ᠃

ᠰᠡᠳᠬᠢᠭᠳᠡᠯ ᠦᠯᠡᠳᠡᠭᠡᠬᠦ