ᠰᠠᠨᠰᠠᠷ ᠤᠨ ᠲᠧᠭᠨᠣᠯᠣᠭᠢ ᠶᠢ ᠬᠥᠭᠵᠢᠭᠦᠯᠬᠦ ᠦᠨᠳᠦᠰᠦᠨ ᠦ ᠵᠥᠪᠯᠡᠯ ᠪᠠᠶᠢᠭᠤᠯᠤᠨ᠎ᠠ  | News.MN

ᠰᠠᠨᠰᠠᠷ ᠤᠨ ᠲᠧᠭᠨᠣᠯᠣᠭᠢ ᠶᠢ ᠬᠥᠭᠵᠢᠭᠦᠯᠬᠦ ᠦᠨᠳᠦᠰᠦᠨ ᠦ ᠵᠥᠪᠯᠡᠯ ᠪᠠᠶᠢᠭᠤᠯᠤᠨ᠎ᠠ 

 

ᠮᠣᠩᠭᠣᠯ ᠬᠦᠮᠦᠨ ᠰᠠᠨᠰᠠᠷ ᠲᠤ ᠨᠢᠰᠦᠭᠰᠡᠨ ᠦ 40 ᠵᠢᠯ ᠦᠨ ᠣᠢ ᠶᠢ ᠲᠣᠬᠢᠶᠠᠯᠳᠤᠭᠤᠯᠤᠨ ᠶᠡᠷᠦᠩᠬᠡᠢ ᠰᠠᠶᠢᠳ ᠯ∙ᠤᠶᠤᠠᠠᠷᠳᠡᠨᠢ ᠰᠠᠨᠰᠠᠷ ᠤᠨ ᠨᠢᠰᠬᠡᠭᠴᠢ᠂ ᠬᠣᠰᠢᠭᠤᠴᠢ ᠭᠧᠨᠧᠷᠠᠯ ᠵ∙ᠭᠦᠷᠦᠷᠠᠭᠴᠠ ᠶᠢ ᠬᠦᠯᠢᠶᠡᠨ ᠠᠪᠴᠤ ᠠᠭᠤᠯᠵᠠᠨ ᠬᠦᠨᠳᠦᠳᠬᠡᠯ ᠦᠵᠡᠭᠦᠯᠪᠡ᠃ ᠲᠡᠷᠲᠡᠭᠡ 40 ᠵᠢᠯ ᠦᠨ ᠡᠮᠦᠨ᠎ᠡ︽ᠰᠢᠦ᠋ᠽ-39︾ᠬᠦᠯᠭᠡ ᠪᠡᠷ ᠨᠢᠰᠴᠤ᠂ ᠰᠠᠨᠰᠠᠷ ᠤᠨ ᠹᠢᠽᠢᠺ᠂ ᠲᠧᠭᠨᠣᠯᠣᠭᠢ᠂ ᠪᠠᠶᠢᠭᠠᠯᠢ ᠣᠷᠴᠢᠨ᠂ ᠡᠮᠨᠡᠯᠭᠡ᠂ ᠪᠢᠣᠯᠣᠭᠢ ᠶᠢᠨ 30 ᠣᠷᠴᠢᠮ ᠲᠤᠷᠰᠢᠯᠲᠠ ᠬᠢᠵᠤ᠂ ᠡᠬᠡ ᠣᠷᠣᠨ ᠤ ᠪᠠᠨ ᠨᠡᠷ᠎ᠡ ᠶᠢ ᠳᠡᠯᠡᠬᠡᠢ ᠳᠦ ᠳᠠᠭᠤᠷᠢᠰᠬᠠᠭᠰᠠᠨ ᠳᠤ ᠪᠠᠶᠠᠷ ᠬᠦᠷᠭᠡᠪᠡ᠃
ᠠᠭᠤᠯᠵᠠᠯᠲᠠ ᠶᠢᠨ ᠦᠶ᠎ᠡ ᠪᠡᠷ ᠮᠣᠩᠭᠣᠯ ᠤᠯᠤᠰ ᠤᠨ ᠶᠡᠬᠡ ᠰᠤᠷᠭᠠᠭᠤᠯᠢ᠂ ᠰᠢᠨᠵᠢᠯᠡᠬᠦ ᠤᠬᠠᠭᠠᠨ ᠤ ᠠᠺᠠᠳ᠋ᠸᠮᠢ᠂ ᠮᠣᠩᠭᠣᠯ ᠤᠨ ᠰᠠᠨᠰᠠᠷ ᠤᠨ ᠲᠧᠭᠨᠣᠯᠣᠭᠢ ᠶᠢᠨ ᠬᠣᠯᠪᠣᠭ᠎ᠠ ᠬᠠᠮᠲᠤᠷᠠᠨ ᠪᠣᠯᠪᠠᠰᠤᠷᠠᠭᠤᠯᠤᠭᠰᠠᠨ ᠰᠠᠨᠰᠠᠷ ᠤᠨ ᠲᠧᠭᠨᠣᠯᠣᠭᠢ ᠶᠢ ᠬᠥᠭᠵᠢᠭᠦᠯᠬᠦ ᠲᠥᠰᠥᠯ ᠢᠶᠡᠨ ᠲᠠᠨᠢᠯᠴᠠᠭᠤᠯᠤᠯ᠎ᠠ᠃ ᠲᠥᠰᠥᠯ ᠢ 2020-2049 ᠣᠨ ᠳᠤ ᠭᠤᠷᠪᠠᠨ ᠦᠶ᠎ᠡ ᠱᠠᠲᠤ ᠲᠠᠢ ᠬᠡᠷᠡᠭᠵᠢᠭᠦᠯᠬᠦ ᠪᠡᠷ ᠲᠥᠯᠥᠪᠯᠡᠭᠰᠡᠨ ᠪᠠᠶᠢᠨ᠎ᠠ᠃ ᠡᠨᠡ ᠰᠠᠯᠪᠤᠷᠢ ᠳᠤ 2020-2029 ᠣᠨ ᠪᠤᠶᠤ ᠨᠢᠭᠡᠳᠦᠭᠡᠷ ᠱᠠᠲᠤᠨ ᠳᠤ ᠡᠵᠡᠮᠰᠢᠬᠦ᠂ 2030-2039 ᠣᠨ ᠪᠤᠶᠤ ᠬᠣᠶᠠᠳᠤᠭᠠᠷ ᠱᠠᠲᠤᠨ ᠳᠤ  ᠦᠷᠢᠰᠦᠯᠳᠦᠬᠦ᠂ 2040-2049 ᠣᠨ ᠪᠤᠶᠤ ᠭᠤᠷᠪᠠᠳᠤᠭᠠᠷ ᠱᠠᠲᠤᠨ ᠳᠤ ᠲᠡᠷᠢᠭᠦᠯᠡᠬᠦ ᠭᠡᠵᠦ ᠠᠪᠴᠤ ᠦᠵᠡᠵᠡᠢ᠃
ᠬᠡᠳᠦᠢ ᠪᠡᠷ ᠰᠠᠨᠰᠠᠷ ᠰᠤᠳᠤᠯᠤᠯ ᠤᠨ ᠴᠢᠭᠯᠡᠯ ᠢᠶᠡᠷ ᠴᠢᠮᠠᠭᠦᠢ ᠵᠦᠢᠯ ᠬᠢᠭᠰᠡᠨ ᠴᠤ ᠠᠯᠳᠠᠭᠰᠠᠨ ᠪᠣᠯᠤᠮᠵᠢ ᠪᠠᠨ ᠨᠥᠬᠥᠬᠦ ᠶᠢᠨ ᠲᠤᠯᠠᠳᠠ ᠲᠣᠮᠣ ᠪᠠᠷ ᠬᠠᠷᠠᠵᠤ ᠠᠵᠢᠯᠯᠠᠬᠤ ᠴᠠᠭ ᠪᠣᠯᠤᠭᠰᠠᠨ ᠢ ᠶᠡᠷᠦᠩᠬᠡᠢ ᠰᠠᠶᠢᠳ ᠲᠡᠮᠳᠡᠭᠯᠡᠪᠡ᠃ ᠡᠨᠡ ᠡᠭᠦᠳᠡᠨ ᠡᠴᠡ ᠰᠠᠨᠰᠠᠷ ᠤᠨ ᠲᠧᠭᠨᠣᠯᠣᠭᠢ ᠶᠢ ᠬᠥᠭᠵᠢᠭᠦᠯᠬᠦ ᠵᠣᠷᠢᠯᠭ᠎ᠠ ᠪᠠᠷ ᠦᠨᠳᠦᠰᠦᠨ ᠦ ᠵᠥᠪᠯᠡᠯ ᠠᠵᠢᠯᠯᠠᠭᠤᠯᠬᠤ᠂ ᠪᠣᠳᠣᠯᠭ᠎ᠠ ᠶᠢᠨ ᠪᠠᠷᠢᠮᠲᠠ ᠪᠢᠴᠢᠭ᠂ ᠲᠥᠯᠥᠪᠯᠡᠭᠡ ᠪᠣᠯᠪᠠᠰᠤᠷᠠᠭᠤᠯᠬᠤ ᠠᠵᠢᠯ ᠤᠨ ᠬᠡᠰᠡᠭ ᠪᠠᠶᠢᠭᠤᠯᠬᠤ ᠪᠠᠷ ᠰᠢᠢᠳᠪᠦᠷᠢᠯᠡᠭᠰᠡᠨ ᠢᠶᠡᠨ ᠬᠡᠯᠡᠪᠡ᠃ ᠰᠠᠨᠰᠠᠷ ᠤᠨ ᠲᠧᠭᠨᠣᠯᠣᠭᠢ ᠶᠢᠨ ᠴᠣᠭᠴᠠᠯᠠᠪᠤᠷᠢ ᠲᠥᠪ ᠦᠨ ᠵᠢᠷᠤᠭ ᠲᠥᠰᠥᠯ ᠪᠣᠯᠪᠠᠰᠤᠷᠠᠭᠤᠯᠬᠤ᠂ ᠬᠢᠮᠡᠯ ᠳᠠᠭᠠᠭᠤᠯᠢ ᠪᠦᠲᠦᠭᠡᠬᠦ ᠪᠣᠯᠤᠨ ᠬᠠᠮᠲᠤᠷᠠᠭᠰᠠᠨ ᠲᠥᠰᠥᠯ ᠦᠳ ᠢ ᠳᠡᠮᠵᠢᠬᠦ ᠳᠦ ᠪᠡᠯᠡᠨ ᠪᠠᠶᠢᠭ᠎ᠠ ᠪᠠᠨ ᠢᠯᠡᠷᠬᠡᠶᠢᠯᠡᠪᠡ᠃

ᠰᠡᠳᠬᠢᠭᠳᠡᠯ ᠦᠯᠡᠳᠡᠭᠡᠬᠦ