ᠭᠣᠪᠢ-ᠠᠯᠲᠠᠢ ᠠᠶᠢᠮᠠᠭ ᠤᠨ ᠰᠢᠷᠭ᠎ᠠ ᠰᠤᠮᠤ ᠶᠢᠨ ᠬᠠᠮᠲᠤ ᠶᠢᠨ ᠬᠦᠴᠦ ᠪᠠᠭ ᠤᠨ ᠤᠯᠤᠰ ᠤᠨ ᠠᠪᠤᠷᠭᠤ ᠮᠠᠯᠴᠢᠨ ᠪ∙ᠳᠠᠰᠢᠮᠢᠭᠮᠠᠷ ᠤᠨ ᠲᠡᠮᠡᠭᠡᠨ ᠰᠦᠷᠦᠭ ᠲᠦ ᠭᠤᠷᠪᠠᠳᠤᠭᠠᠷ ᠰᠠᠷ᠎ᠠ ᠶᠢᠨ 7 ᠍ ᠤ ᠡᠳᠦᠷ ᠢᠩᠭᠡ ᠢᠬᠡᠷᠡᠯᠡᠵᠦ᠂ ᠢᠬᠡᠷ᠎ᠡ ᠡᠷ᠎ᠡ ᠪᠣᠲᠣᠭᠣ ᠭᠠᠷᠤᠭᠰᠠᠨ᠃ ᠢᠩᠭᠡ ᠪᠣᠲᠣᠭᠣᠯᠠᠭᠰᠠᠨ ᠲᠤᠬᠠᠢ ᠤᠶᠢᠭᠤᠷᠵᠢᠨ ᠮᠣᠩᠭᠣᠯ ᠪᠢᠴᠢᠭ ᠢᠶᠡᠷ ᠪᠢᠴᠢᠭᠰᠡᠨ︽ᠠᠶᠢᠯᠠᠳᠬᠠᠯ︾ ᠍ ᠢ ᠭᠣᠪᠢ-ᠠᠯᠲᠠᠢ ᠠᠶᠢᠮᠠᠭ ᠤᠨ ᠤᠳᠤᠷᠢᠳᠤᠯᠭ᠎ᠠ ᠨᠠᠷ ᠶᠡᠷᠦᠩᠬᠡᠢᠯᠡᠭᠴᠢ ᠬ ∙ ᠪᠠᠲᠤᠲᠤᠯᠭ᠎ᠠ ᠳᠤ ᠭᠤᠷᠪᠠᠳᠤᠭᠠᠷ ᠰᠠᠷ᠎ᠠ ᠶᠢᠨ 12 ᠍ ᠳᠦ ᠡᠷᠭᠦᠨ ᠪᠠᠷᠢᠵᠠᠢ᠃
ᠠᠶᠢᠯᠠᠳᠬᠠᠯ ᠭᠠᠷᠳᠠᠭᠤᠯᠬᠤ ᠦᠶ᠎ᠡ ᠪᠡᠷ ᠠᠶᠢᠮᠠᠭ ᠤᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠳᠠᠷᠤᠭ᠎ᠠ ᠳ ∙ ᠳᠠᠸᠠᠳᠣᠷᠵᠢ᠂ ᠵᠠᠰᠠᠭ ᠳᠠᠷᠤᠭ᠎ᠠ ᠣ᠊ ∙ ᠠᠮᠤᠭᠤᠯᠠᠩᠪᠠᠭᠠᠲᠤᠷ ᠨᠠᠷ ᠣᠷᠣᠨ ᠨᠤᠲᠤᠭ ᠤᠨ ᠨᠡᠶᠢᠭᠡᠮ᠂ ᠡᠳ᠋ ᠍ ᠦᠨ ᠵᠠᠰᠠᠭ ᠪᠣᠯᠤᠨ ᠬᠠᠪᠤᠷᠵᠢᠯᠲᠠ᠂ ᠮᠠᠯ ᠲᠥᠯᠯᠡᠯᠲᠡ᠂ ᠪᠤᠰᠤᠳ ᠠᠰᠠᠭᠤᠳᠠᠯ ᠢᠶᠠᠷ ᠮᠡᠳᠡᠭᠡᠯᠡᠯ ᠬᠢᠭᠰᠡᠨ ᠪᠣᠯ ᠮᠣᠩᠭᠣᠯ ᠤᠯᠤᠰ ᠤᠨ ᠶᠡᠷᠦᠩᠬᠡᠶᠢᠯᠡᠭᠴᠢ ᠠᠯᠲᠠᠢ ᠨᠤᠲᠤᠭ ᠤᠨ ᠨᠡᠶᠢᠲᠡ ᠵᠣᠨ ᠤᠯᠠᠨ ᠳᠤ ᠬᠠᠨᠳᠤᠨ ᠮᠡᠨᠳᠦᠴᠢᠯᠡᠭᠡ ᠳᠡᠪᠰᠢᠭᠦᠯᠦᠭᠰᠡᠨ ᠶᠤᠮ᠃ ᠮᠣᠩᠭᠣᠯᠴᠤᠳ ᠡᠷᠲᠡ ᠳᠡᠭᠡᠷ᠎ᠡ ᠦᠶ᠎ᠡ ᠡᠴᠡ ᠢᠩᠭᠡ ᠢᠬᠡᠷᠡᠯᠡᠬᠦ ᠨᠢ ᠲᠥᠷᠥ ᠶᠢᠨ ᠠᠵᠢᠯ ᠲᠡᠭᠰᠢᠷᠡᠬᠦ᠂ ᠰᠠᠶᠢᠨ ᠴᠠᠭ ᠤᠨ ᠡᠬᠢᠯᠡᠯ᠂ ᠮᠠᠯ ᠰᠦᠷᠦᠭ᠂ ᠲᠡᠷᠡ ᠲᠤᠰᠤᠮ ᠢᠶᠠᠨ ᠲᠡᠨᠢᠭᠡᠷ ᠭᠣᠪᠢ ᠶᠢᠨ ᠡᠵᠡᠨ ᠲᠡᠮᠡᠭᠡᠨ ᠰᠦᠷᠦᠭ ᠥᠰᠦᠨ ᠦᠷᠡᠵᠢᠬᠦ ᠶᠢᠨ ᠪᠡᠯᠭᠡᠳᠡᠯ ᠬᠡᠮᠡᠨ ᠳᠡᠭᠡᠳᠦᠯᠡᠵᠦ ᠢᠷᠡᠭᠰᠡᠨ ᠤᠯᠠᠮᠵᠢᠯᠠᠯ ᠲᠠᠢ᠃