ᠡ᠊∙ᠰᠠᠷᠠᠭᠤᠯ ᠣᠯᠢᠮᠫ ᠤᠨ ᠰᠢᠭᠦᠭᠴᠢ ᠪᠡᠷ ᠰᠣᠩᠭᠣᠭᠳᠠᠯ᠎ᠠ  | News.MN

ᠡ᠊∙ᠰᠠᠷᠠᠭᠤᠯ ᠣᠯᠢᠮᠫ ᠤᠨ ᠰᠢᠭᠦᠭᠴᠢ ᠪᠡᠷ ᠰᠣᠩᠭᠣᠭᠳᠠᠯ᠎ᠠ 

 

ᠳᠡᠯᠡᠬᠡᠢ ᠶᠢᠨ ᠪᠠᠶᠢᠲᠤ ᠬᠠᠷᠪᠤᠭᠠᠨ ᠤ ᠬᠣᠯᠪᠣᠭ᠎ᠠ ᠡᠴᠡ︽ᠲᠤᠤᠺᠢᠤ᠋ -2020︾ᠣᠯᠢᠮᠫ ᠤᠨ ᠨᠠᠭᠠᠳᠤᠮ ᠢ ᠰᠢᠭᠦᠬᠦ ᠰᠢᠯᠢᠳᠡᠭ 14 ᠰᠢᠭᠦᠭᠴᠢ ᠶᠢᠨ ᠨᠡᠷᠡᠰ ᠢ ᠠᠯᠪᠠᠨ ᠶᠣᠰᠣᠭᠠᠷ ᠵᠠᠷᠯᠠᠯ᠎ᠠ᠃ ᠤᠭ ᠨᠡᠷᠡᠰ ᠦᠨ ᠵᠢᠭᠰᠠᠭᠠᠯᠲᠠ ᠳᠤ ᠮᠣᠩᠭᠣᠯ ᠤᠨ ᠰᠢᠭᠦᠭᠴᠢ ᠡᠩᠬᠡᠪᠠᠲᠤ ᠣᠪᠤᠭ ᠲᠠᠢ ᠰᠠᠷᠠᠭᠤᠯ ᠪᠠᠭᠲᠠᠵᠤ ᠂ ᠰᠫᠣᠷᠲ ᠤᠨ ᠲᠡᠦᠬᠡᠨ ᠳᠦ ᠤᠯᠤᠰ ᠤᠨ ᠢᠶᠠᠨ ᠠᠩᠬᠠᠨ ᠤ ᠰᠢᠭᠦᠭᠴᠢ ᠪᠣᠯᠵᠤ ᠪᠠᠶᠢᠨ᠎ᠠ᠃ ᠮᠠᠨ ᠤ ᠲᠠᠮᠢᠷᠴᠢᠳ ᠠᠴᠠ ᠪ∙ᠤᠳᠬᠤᠨᠪᠤᠯᠤᠳ ᠣᠯᠢᠮᠫ ᠤᠨ ᠪᠠᠶᠢᠲᠤ ᠬᠠᠷᠪᠤᠭᠠᠨ ᠤ ᠲᠡᠮᠡᠴᠡᠭᠡᠨ  ᠳᠤ ᠥᠷᠢᠰᠥᠯᠳᠥᠬᠦ ᠡᠷᠬᠡ ᠪᠡᠨ ᠬᠦᠷᠲᠡᠭᠡᠳ ᠪᠠᠶᠢᠭ᠎ᠠ ᠶᠤᠮ᠃ ᠮᠠᠨ ᠤ ᠬᠠᠷᠪᠤᠭᠠᠴᠢᠳ 8 ᠤᠳᠠᠭ᠎ᠠ ᠤᠯᠢᠮᠫ ᠲᠤ ᠣᠷᠣᠯᠴᠠᠭᠰᠠᠨ ᠪᠠᠶᠢᠨ᠎ᠠ᠃
ᠡᠨᠡ ᠵᠢᠯ 35 ᠨᠠᠰᠤᠲᠠᠢ ᠡ᠊∙ᠰᠠᠷᠠᠭᠤᠯ ᠨᠢ ᠡᠷᠬᠡ ᠵᠦᠢᠴᠢ᠂ ᠹᠷᠠᠨᠼᠢ ᠬᠡᠯᠡᠨ ᠦ ᠣᠷᠴᠢᠭᠤᠯᠤᠭᠴᠢ ᠮᠡᠷᠭᠡᠵᠢᠯ ᠲᠡᠢ᠂ 2007 ᠣᠨ ᠠᠴᠠ ᠪᠠᠶᠢᠲᠤ ᠬᠠᠷᠪᠤᠭᠠᠨ ᠤ ᠰᠫᠣᠷᠲ ᠢᠶᠠᠷ ᠬᠢᠴᠢᠶᠡᠯᠯᠡᠵᠦ᠂ 2009 ᠣᠨ ᠠᠴᠠ ᠰᠢᠭᠦᠭᠴᠢ ᠪᠡᠷ ᠠᠵᠢᠯᠯᠠᠵᠤ ᠡᠬᠢᠯᠡᠭᠰᠡᠨ᠃ ᠲᠡᠭᠦᠨ ᠦ ᠠᠪᠤ ᠷ∙ᠡᠩᠬᠡᠪᠠᠲᠤ ᠲᠡᠰᠢᠭᠦᠷᠴᠢᠨ᠂ ᠡᠵᠢ ᠪ ∙ᠴᠡᠴᠡᠭ  ᠪᠠᠶᠢᠲᠤ ᠬᠠᠷᠪᠤᠭᠠᠨ ᠤ ᠲᠠᠮᠢᠷᠴᠢᠳ ᠪᠠᠶᠢᠭᠰᠠᠨ ᠶᠤᠮ᠃

ᠰᠡᠳᠬᠢᠭᠳᠡᠯ ᠦᠯᠡᠳᠡᠭᠡᠬᠦ