ᠼ∙ᠰᠠᠷᠠᠨᠠᠢ ᠶᠢ ︽ᠰᠤᠶᠤᠯ ᠤᠨ ᠲᠦᠭᠡᠭᠡᠭᠴᠢ︾ ᠍ᠪᠡᠷ ᠪᠠᠲᠤᠯᠠᠮᠵᠢᠯᠠᠵᠠᠢ  | News.MN

ᠼ∙ᠰᠠᠷᠠᠨᠠᠢ ᠶᠢ ︽ᠰᠤᠶᠤᠯ ᠤᠨ ᠲᠦᠭᠡᠭᠡᠭᠴᠢ︾ ᠍ᠪᠡᠷ ᠪᠠᠲᠤᠯᠠᠮᠵᠢᠯᠠᠵᠠᠢ 

 

ᠮᠣᠩᠭᠣᠯ ᠤᠨ ᠡᠮᠡᠭᠲᠡᠶᠢᠴᠦᠳ ᠦᠨ ᠬᠣᠯᠪᠣᠭ᠎ᠠ ᠠᠵᠢᠯ ᠬᠥᠳᠡᠯᠮᠦᠷᠢ᠂ ᠦᠢᠯᠡᠰ ᠪᠦᠲᠦᠭᠡᠯ ᠢᠶᠡᠷ ᠢᠶᠡᠨ ᠮᠠᠩᠯᠠᠶᠢᠯᠠᠵᠤ ᠪᠤᠢ ᠰᠢᠯᠢᠳᠡᠭ ᠵᠠᠯᠠᠭᠤᠰ ᠤᠨ ᠲᠥᠯᠥᠭᠡᠯᠡᠯ ᠪᠣᠯᠬᠤ ᠬᠠᠯᠳᠠᠪᠤᠷᠢ ᠰᠤᠳᠤᠯᠤᠯ ᠦᠨᠳᠦᠰᠦᠨ ᠦ ᠲᠥᠪ ᠦᠨ ᠴᠡᠭᠡᠵᠢᠨ ᠦ ᠬᠥᠨᠳᠡᠢ ᠶᠢᠨ ᠮᠡᠰᠡ ᠵᠠᠰᠠᠯᠴᠢ ᠪ∙ᠤᠳᠤᠪᠠᠶᠠᠷ ᠪᠣᠯᠤᠨ Sweetymotion ᠬᠠᠮᠲᠤᠯᠢᠭ ᠤᠨ ᠳᠠᠭᠤᠴᠢᠨ ᠼ∙ᠰᠠᠷᠠᠨᠠᠢ ᠨᠠᠷ ᠢ ᠨᠡᠶᠢᠭᠡᠮ ᠳᠦ ᠪᠣᠯᠤᠨ ᠵᠠᠯᠠᠭᠤᠰ ᠲᠤ ᠵᠥᠪ ᠦᠯᠢᠭᠡᠷ ᠳᠠᠭᠤᠷᠢᠶᠠᠯ ᠦᠵᠡᠭᠦᠯᠬᠦ ᠣᠨᠴᠠᠭᠠᠢ ᠨᠥᠯᠥᠭᠡ ᠲᠡᠢ ᠭᠡᠵᠦ ᠦᠵᠡᠨ ︽ᠰᠤᠶᠤᠯ ᠢ ᠲᠦᠭᠡᠭᠡᠭᠴᠢ︾᠍ ᠪᠡᠷ ᠪᠠᠲᠤᠯᠠᠮᠵᠢᠯᠠᠵᠠᠢ᠃
ᠰᠤᠶᠤᠯ ᠢ ᠲᠦᠭᠡᠭᠡᠭᠴᠢᠳ ᠬᠦᠮᠦᠨ ᠠᠮᠠ ᠶᠢᠨ ᠲᠠᠯ᠎ᠠ ᠠᠴᠠ ᠢᠯᠡᠭᠦᠦ ᠬᠤᠪᠢ ᠶᠢ ᠡᠵᠡᠯᠡᠳᠡᠭ ᠡᠮᠡᠭᠲᠡᠶᠢᠴᠦᠳ ᠦᠨ ᠡᠷᠡᠭᠦᠯ ᠮᠡᠨᠳᠦ᠂ ᠰᠠᠶᠢᠨ ᠰᠠᠶᠢᠬᠠᠨ ᠤ ᠲᠥᠯᠥᠭᠡ᠂ ᠢᠯᠠᠩᠭᠤᠶ᠎ᠠ ᠵᠥᠪ ᠦᠯᠢᠭᠡᠷ ᠳᠠᠭᠤᠷᠢᠶᠠᠯ ᠪᠦᠬᠦᠢ ᠭᠡᠷ ᠪᠦᠯᠢ᠂ ᠡᠮᠡᠭᠲᠡᠶᠢᠴᠦᠳ ᠦᠨ ᠲᠥᠯᠥᠭᠡ ᠴᠢᠳᠠᠬᠤ ᠪᠦᠬᠦᠨ ᠢᠶᠡᠨ ᠬᠢᠵᠤ᠂ ᠳᠡᠮᠵᠢᠨ ᠠᠵᠢᠯᠯᠠᠬᠤ ᠪᠠᠨ ᠢᠯᠡᠷᠬᠡᠶᠢᠯᠡᠭᠰᠡᠨ᠃ ᠰᠤᠶᠤᠯ ᠢ ᠲᠦᠭᠡᠭᠡᠭᠴᠢᠳ ᠨᠡᠶᠢᠭᠡᠮ ᠤᠨ ᠬᠠᠷᠢᠭᠤᠴᠠᠯᠭ᠎ᠠ ᠶᠢᠨ ᠬᠦᠷᠢᠶᠡᠨ ᠳᠦ ᠥᠰᠪᠦᠷᠢ ᠦᠶ᠎ᠡ ᠶᠢᠨ ᠬᠢᠨ ᠳᠦ ᠵᠥᠪ ᠦᠯᠢᠭᠡᠷᠯᠡᠯ᠂ ᠮᠠᠩᠯᠠᠶᠢᠯᠠᠯ ᠢ ᠦᠵᠡᠭᠦᠯᠬᠦ᠂ ᠡᠮᠡᠭᠲᠡᠶᠢᠴᠦᠳ ᠦᠨ ᠬᠣᠯᠪᠣᠭᠠᠨ ᠠᠴᠠ ᠰᠠᠨᠠᠭᠠᠴᠢᠯᠠᠨ ᠵᠣᠬᠢᠶᠠᠨ ᠪᠠᠶᠢᠭᠤᠯᠵᠤ ᠪᠤᠢ ᠨᠡᠶᠢᠭᠡᠮ ᠤᠨ ᠰᠠᠶᠢᠨ ᠰᠠᠶᠢᠬᠠᠨ ᠤ ᠲᠥᠯᠦᠭᠡᠬᠢ ᠨᠥᠯᠥᠭᠡᠯᠡᠯ ᠦᠨ ᠠᠷᠭ᠎ᠠ ᠬᠡᠮᠵᠢᠶ᠎ᠡ ᠶᠢ ᠳᠡᠮᠵᠢᠨ᠂ ᠬᠠᠮᠲᠤᠷᠠᠵᠤ ᠠᠵᠢᠯᠯᠠᠬᠤ ᠶᠤᠮ ᠭᠡᠵᠦ ᠮᠣᠩᠭᠣᠯ ᠤᠨ ᠡᠮᠡᠭᠲᠡᠶᠢᠴᠦᠳ ᠦᠨ ᠬᠣᠯᠪᠣᠭᠠᠨ ᠠᠴᠠ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ