︽ᠦᠬᠡᠷ ᠵᠢᠯ︾ᠮᠥᠩᠭᠥᠨ ᠵᠣᠭᠣᠰ ᠢ ᠬᠤᠳᠠᠯᠳᠤᠭᠠᠯᠠᠵᠤ ᠡᠬᠢᠯᠡᠯ᠎ᠡ  | News.MN

︽ᠦᠬᠡᠷ ᠵᠢᠯ︾ᠮᠥᠩᠭᠥᠨ ᠵᠣᠭᠣᠰ ᠢ ᠬᠤᠳᠠᠯᠳᠤᠭᠠᠯᠠᠵᠤ ᠡᠬᠢᠯᠡᠯ᠎ᠡ 

 

ᠮᠣᠩᠭᠣᠯ ᠪᠠᠩᠭᠢᠨ ᠤ ᠡᠷᠳᠡᠨᠢᠰ ᠦᠨ ᠰᠠᠩ ᠠᠴᠠ 2021 ᠣᠨ ᠳᠤ ᠴᠥᠭᠡᠪᠦᠷᠢ ᠬᠡᠮᠡᠬᠦ ᠴᠠᠭᠠᠭᠴᠢᠨ ᠦᠬᠡᠷ ᠵᠢᠯ ᠳᠦ ᠵᠣᠷᠢᠭᠤᠯᠤᠨ︽ᠦᠬᠡᠷ ᠵᠢᠯ︾ᠨᠢᠭᠡ ᠤᠨᠼ ᠤᠨ 999 ᠰᠣᠷᠢᠴᠠ ᠲᠠᠢ ᠮᠥᠩᠭᠥᠨ ᠵᠣᠭᠣᠰ ᠢ ᠬᠤᠳᠠᠯᠳᠤᠭᠠᠨ ᠳᠤ ᠭᠠᠷᠭᠠᠵᠠᠢ᠃ ᠤᠭ ᠵᠣᠭᠣᠰ ᠨᠢ 31.1 ᠭᠷᠠᠮ ᠵᠢᠩ ᠲᠡᠢ᠂ 38.61 ᠮᠢᠯᠯᠢᠮᠧᠲ᠋ᠷ ᠳ᠋ᠢᠶᠠᠮᠧᠲ᠋ᠷ ᠲᠡᠢ ᠪᠥᠭᠡᠳ ᠬᠤᠳᠠᠯᠳᠤᠬᠤ ᠦᠨ᠎ᠡ ᠨᠢ 360000 ᠲᠥᠭᠥᠷᠢᠭ ᠪᠠᠢᠨ᠎ᠠ᠃
ᠳᠤᠷᠠᠰᠬᠠᠯ ᠤᠨ ᠵᠣᠭᠣᠰ ᠢ ᠬᠠᠮᠤᠭ ᠤᠨ ᠰᠡᠭᠦᠯ ᠦᠨ ᠦᠶ᠎ᠡ ᠶᠢᠨ Smartminting ᠲᠧᠭᠨᠣᠯᠣᠭᠢ ᠪᠠᠷ ᠤᠷᠠᠯᠠᠵᠤ᠂ ᠬᠡᠰᠡᠭᠴᠢᠯᠡᠨ ᠠᠯᠲᠠ ᠪᠠᠷ ᠪᠦᠷᠢᠭᠰᠡᠨ ᠪᠠᠶᠢᠨ᠎ᠠ᠃ ᠮᠣᠩᠭᠣᠯ ᠪᠠᠩᠭᠢ 12 ᠵᠢᠯ ᠦᠨ ᠳᠤᠷᠠᠰᠬᠠᠯ ᠤᠨ ᠵᠣᠭᠣᠰᠤᠨ ᠤ ᠴᠤᠪᠤᠷᠠᠯ ᠢ 2020 ᠣᠨ ᠳᠤ ︽ᠬᠤᠯᠤᠭᠠᠨ᠎ᠠ ᠵᠢᠯ︾ ᠳᠤᠷᠠᠰᠬᠠᠯ ᠤᠨ ᠮᠥᠩᠭᠥᠨ ᠵᠣᠭᠣᠰ ᠢᠶᠠᠷ ᠡᠬᠢᠯᠡᠭᠦᠯᠵᠡᠢ᠃

ᠰᠡᠳᠬᠢᠭᠳᠡᠯ ᠦᠯᠡᠳᠡᠭᠡᠬᠦ