ᠵᠢᠯ ᠦᠨ 3 ᠬᠤᠪᠢ ᠶᠢᠨ ᠬᠦᠦ ᠲᠡᠢ ᠵᠢᠭᠡᠯᠡ  ᠤᠯᠭᠤᠨ᠎ᠠ | News.MN

ᠵᠢᠯ ᠦᠨ 3 ᠬᠤᠪᠢ ᠶᠢᠨ ᠬᠦᠦ ᠲᠡᠢ ᠵᠢᠭᠡᠯᠡ  ᠤᠯᠭᠤᠨ᠎ᠠ

ᠮᠣᠩᠭᠣᠯ ᠤᠯᠤᠰ ᠤᠨ ᠶᠡᠷᠦᠩᠬᠡᠢ ᠰᠠᠶᠢᠳ ᠯ∙ᠣᠶᠤᠨ-ᠡᠷᠳᠡᠨᠢ ᠥᠨᠥᠳᠥᠷ ᠸᠠᠺᠼᠢᠨ ᠤ ᠡᠬᠢᠨ ᠢ ᠲᠤᠩ ᠢ ᠲᠠᠷᠢᠭᠤᠯᠵᠤ ᠢᠷᠭᠡᠳ ᠢᠶᠡᠨ  ᠲᠠᠷᠢᠯᠭ᠎ᠠ ᠬᠢᠯᠭᠡᠬᠦ ᠶᠢ ᠤᠷᠢᠶᠠᠯᠠᠭᠰᠠᠨ ᠤ ᠳᠠᠷᠠᠭ᠎ᠠ ᠠᠵᠢᠯ ᠢᠶᠠᠨ ᠬᠡᠪ ᠦᠨ ᠡᠬᠢᠯᠡᠭᠦᠯᠦᠭᠰᠡᠨ ᠠᠵᠤ ᠠᠬᠤᠢ ᠶᠢᠨ ᠨᠢᠭᠡᠴᠡ ᠨᠦᠭᠦᠳ ᠲᠡᠢ ᠲᠠᠨᠢᠯᠴᠠᠵᠤ ᠪᠠᠶᠢᠨ᠎ᠠ᠃  ᠲᠡᠷᠡ ᠡᠬᠢᠯᠡᠭᠡᠳ ᠤᠯᠤᠰ ᠤᠨ ᠶᠡᠬᠡ ᠳᠡᠯᠭᠡᠭᠦᠷ ᠦᠨ ᠬᠠᠯᠳᠠᠪᠤᠷᠢ ᠬᠠᠮᠠᠭᠠᠯᠠᠯ ᠢᠶᠠᠨ ᠰᠠᠬᠢᠭᠰᠠᠨ ᠪᠠᠶᠢᠳᠠᠯ᠂ ᠬᠡᠪ ᠦᠨ ᠠᠵᠢᠯ ᠲᠠᠢ ᠲᠠᠨᠢᠯᠴᠠᠭᠰᠠᠨ ᠶᠤᠮ᠃ ᠤᠯᠤᠰ ᠤᠨ ᠶᠡᠬᠡ ᠳᠡᠯᠭᠡᠭᠦᠷ  25 ᠮᠢᠩᠭᠠᠨ ᠲᠡᠭᠰᠢ ᠳᠦᠷᠪᠡᠯᠵᠢᠨ ᠮᠸᠲᠷ ᠲᠠᠯᠠᠪᠠᠢ ᠲᠠᠢ᠂ ᠲᠦᠷᠢᠶᠡᠰᠦᠯᠡᠭᠴᠢ ᠪᠣᠯᠤᠨ ᠦᠨᠳᠦᠰᠦᠨ ᠠᠵᠢᠯᠲᠠᠨ ᠵᠡᠷᠭᠡ 1000 ᠭᠠᠷᠤᠢ ᠬᠦᠮᠦᠨ ᠠᠵᠢᠯᠯᠠᠳᠠᠭ᠃ ᠡᠳᠡᠭᠡᠷ 1000 ᠠᠵᠢᠯᠴᠢᠳ ᠤᠨ ᠡᠷᠦᠬᠡ ᠭᠡᠷ ᠪᠦᠯᠢ᠂ ᠴᠢᠨᠠᠭᠰᠢᠯᠠᠭᠠᠳ 10 ᠮᠢᠩᠭ᠎ᠠ ᠭᠠᠷᠤᠢ ᠵᠢᠵᠢᠭ  ᠪᠢᠽᠢᠨᠧᠰ ᠢ ᠳᠡᠮᠵᠢᠳᠡᠭ᠃
ᠶᠡᠷᠦᠩᠬᠡᠢ ᠰᠠᠶᠢᠳ ᠯ∙ᠣᠶᠤᠨ-ᠡᠷᠳᠡᠨᠢ᠄ ᠥᠨᠥᠳᠥᠷ ᠡᠴᠡ ᠳᠠᠷᠬᠠᠯᠠᠭᠠᠵᠢᠭᠤᠯᠬᠤ ᠠᠵᠢᠯ ᠡᠬᠢᠯᠡᠭᠰᠡᠨ᠃ ᠣᠳᠣ ᠲᠥᠷᠥ᠂  ᠬᠤᠪᠢ ᠶᠢᠨ ᠬᠡᠪᠰᠢᠯ ᠦᠨ ᠬᠠᠮᠲᠤ ᠶᠢᠨ ᠠᠵᠢᠯᠯᠠᠭ᠎ᠠ ᠬᠠᠮᠤᠭ ᠠᠴᠠ ᠴᠢᠬᠤᠯᠠ᠃ ᠲᠡᠶᠢᠮᠦ ᠡᠴᠡ ᠬᠠᠯᠳᠠᠪᠤᠷᠢ ᠬᠠᠮᠠᠭᠠᠯᠠᠯ ᠤᠨ ᠳᠢᠭᠯᠢᠮ ᠢᠶᠡᠨ ᠶᠠᠭᠰᠢᠲᠠᠯ᠎ᠠ ᠪᠠᠷᠢᠮᠲᠠᠯᠠᠬᠤ ᠬᠡᠷᠡᠭᠲᠡᠢ᠃ ᠲᠥᠷᠥ ᠡᠴᠡ ᠠᠯᠢ ᠪᠣᠯᠬᠤ ᠠᠵᠤ ᠠᠬᠤᠢ ᠶᠢᠨ ᠨᠢᠭᠡᠴᠡ ᠨᠦᠭᠦᠳ ᠦᠨ ᠠᠵᠢᠯ ᠢ ᠬᠡᠪ ᠦᠨ ᠪᠠᠶᠢᠯᠭᠠᠵᠤ᠂ ᠠᠯᠳᠠᠭᠰᠠᠨ ᠪᠣᠯᠤᠮᠵᠢ ᠪᠠᠨ ᠡᠷᠭᠢᠭᠦᠯᠦᠨ ᠣᠯᠵᠤ ᠠᠪᠬᠤ᠂ ᠬᠠᠭᠠᠭᠰᠠᠨ ᠪᠦᠬᠦᠨ ᠢᠶᠡᠨ ᠨᠡᠭᠡᠭᠡᠬᠦ ᠪᠣᠯᠤᠯᠴᠠᠭ᠎ᠠ ᠶᠢ ᠪᠦᠷᠢᠳᠦᠭᠦᠯᠦᠨ᠎ᠡ᠂15-17 ᠬᠤᠪᠢ ᠶᠢᠨ ᠬᠦᠦ ᠲᠡᠢ ᠪᠠᠶᠢᠭᠰᠠᠨ ᠵᠢᠭᠡᠯᠡ ᠶᠢ ᠵᠢᠯ ᠦᠨ ᠭᠤᠷᠪᠠᠨ ᠬᠤᠪᠢ ᠤᠷᠤᠭᠤ ᠣᠷᠣᠭᠤᠯᠪᠠᠯ ᠲᠣᠮᠣᠬᠠᠨ᠂ ᠪᠣᠳᠠᠲᠤ ᠳᠡᠮᠵᠢᠯᠭᠡ ᠪᠣᠯᠤᠨ᠎ᠠ ᠬᠡᠮᠡᠨ ᠣᠨᠴᠠᠯᠠᠭᠰᠠᠨ ᠶᠤᠮ᠃

ᠰᠡᠳᠬᠢᠭᠳᠡᠯ ᠦᠯᠡᠳᠡᠭᠡᠬᠦ