ᠰ ∙ ᠤᠳᠪᠠᠯᠠ ᠶᠢᠨ ᠮᠡᠨᠳᠦᠯᠡᠭᠰᠡᠨ ᠦ 100 ᠵᠢᠯ ᠦᠨ ᠣᠢ ᠲᠣᠬᠢᠶᠠᠵᠤ ᠪᠠᠶᠢᠨ᠎ᠠ  | News.MN

ᠰ ∙ ᠤᠳᠪᠠᠯᠠ ᠶᠢᠨ ᠮᠡᠨᠳᠦᠯᠡᠭᠰᠡᠨ ᠦ 100 ᠵᠢᠯ ᠦᠨ ᠣᠢ ᠲᠣᠬᠢᠶᠠᠵᠤ ᠪᠠᠶᠢᠨ᠎ᠠ 

ᠬᠤᠷᠢᠳᠤᠭᠠᠷ ᠵᠠᠭᠤᠨ ᠤ ᠨᠡᠷ᠎ᠡ ᠳᠦ ᠭᠠᠷᠤᠭᠰᠠᠨ ᠲᠥᠷᠥ᠂ ᠨᠡᠶᠢᠭᠡᠮ ᠤᠨ ᠭᠠᠷᠮᠠᠭᠠᠢ ᠵᠢᠳᠬᠦᠯᠲᠡᠨ᠂ ᠲᠥᠷᠥ ᠶᠢᠨ  ᠰᠤᠶᠤᠷᠬᠠᠯᠲᠤ ᠵᠣᠬᠢᠶᠠᠯᠴᠢ ᠡᠮᠡᠭᠲᠡᠢ ᠰᠣᠨᠣᠮ ᠤᠨ ᠤᠳᠪᠠᠯᠠ ᠶᠢᠨ ᠮᠡᠨᠳᠦᠯᠡᠭᠰᠡᠨ ᠦ 100 ᠵᠢᠯ ᠦᠨ ᠣᠢ ᠥᠨᠥᠳᠥᠷ ᠲᠣᠬᠢᠶᠠᠵᠤ ᠪᠠᠶᠢᠨ᠎ᠠ᠃ ᠲᠡᠷᠡ ᠪᠡᠷ 1921 ᠣᠨ ᠤ 2 ᠰᠠᠷ᠎ᠠ ᠶᠢᠨ 23 ᠍ ᠳᠦ ᠣᠳᠣ ᠶᠢᠨ ᠪᠤᠯᠠᠭᠠᠨ ᠠᠶᠢᠮᠠᠭ ᠤᠨ ᠳᠠᠰᠢᠨᠴᠢᠯᠡᠨ ᠰᠤᠮᠤ ᠶᠢᠨ ᠨᠤᠲᠤᠭ ᠲᠤ ᠲᠦᠷᠦᠵᠡᠢ᠃ 1946 ᠣᠨ ᠳᠤ ᠨᠠᠮ ᠤᠨ ᠰᠢᠨ᠎ᠡ ᠬᠦᠴᠦᠨ ᠦ ᠰᠤᠷᠭᠠᠭᠤᠯᠢ ᠶᠢ᠂ 1957-1960 ᠣᠨ ᠳᠤ ᠵᠥᠪᠯᠡᠯᠲᠦ ᠶᠢᠨ ᠺᠣᠮᠮᠤᠨᠢᠰᠲ ᠨᠠᠮ ᠤᠨ ᠳᠡᠭᠡᠳᠦ ᠰᠤᠷᠭᠠᠭᠤᠯᠢ ᠶᠢ ᠲᠤᠰ ᠲᠤᠰ ᠲᠡᠭᠦᠰᠦᠭᠰᠡᠨ ᠪᠠᠶᠢᠨ᠎ᠠ᠃ 1961-1973 ᠤᠨ ᠳᠤ ᠮᠣᠩᠭᠣᠯ ᠤᠨ ᠵᠣᠬᠢᠶᠠᠯᠴᠢᠳ ᠤᠨ ᠬᠣᠷᠢᠶᠠᠨ ᠤ ᠳᠠᠷᠤᠭ᠎ᠠ ᠪᠠᠷ ᠂ 1962 ᠣᠨ ᠠᠴᠠ ᠮᠣᠩᠭᠣᠯ ᠤᠨ ᠡᠮᠡᠭᠲᠡᠶᠢᠴᠦᠳ ᠦᠨ ᠬᠣᠷᠢᠶᠠᠨ ᠤ ᠪᠤᠶᠤ ᠡᠳᠦᠭᠡ ᠶᠢᠨ ᠮᠣᠩᠭᠣᠯ ᠤᠨ ᠡᠮᠡᠭᠲᠡᠶᠢᠴᠦᠳ ᠦᠨ ᠬᠣᠯᠪᠣᠭᠠᠨ ᠤ ᠳᠠᠷᠤᠭ᠎ᠠ ᠪᠠᠷ ᠬᠠᠪᠰᠤᠷᠤᠨ ᠠᠵᠢᠯᠯᠠᠵᠤ ᠪᠠᠶᠢᠪᠠ᠃
ᠰ∙ᠤᠳᠪᠠᠯᠠ ᠲᠡᠷᠡ ᠦᠶ᠎ᠡ ᠶᠢᠨ ᠨᠠᠮ ᠲᠥᠷᠥ᠂ ᠣᠯᠠᠨ ᠨᠡᠶᠢᠲᠡ ᠶᠢᠨ ᠲᠣᠮᠣᠬᠠᠨ ᠪᠠᠶᠢᠭᠤᠯᠤᠯᠭ᠎ᠠ ᠨᠤᠭᠤᠳ ᠲᠤ ᠬᠠᠮᠤᠭ ᠤᠨ ᠥᠨᠳᠥᠷ ᠠᠯᠪᠠᠨ ᠲᠤᠰᠢᠶᠠᠯ ᠳᠤ ᠬᠦᠷᠦᠭᠰᠡᠨ ᠡᠮᠡᠭᠲᠡᠢ ᠪᠠᠶᠢᠭᠰᠠᠨ ᠤ ᠵᠡᠷᠭᠡᠴᠡᠭᠡ ᠤᠳᠬ᠎ᠠ ᠵᠣᠬᠢᠶᠠᠯ ᠤᠨ ᠪᠦᠬᠦ ᠬᠡᠯᠪᠡᠷᠢ ᠪᠡᠷ ᠴᠢᠳᠠᠮᠠᠭᠠᠢ ᠪᠢᠴᠢᠳᠡᠭ ᠵᠣᠬᠢᠶᠠᠯᠴᠢ ᠬᠦᠮᠦᠨ ᠪᠠᠶᠢᠭᠰᠠᠨ᠃ ᠠᠷᠠᠳ ᠤᠨ ᠬᠤᠪᠢᠰᠬᠠᠯ ᠤᠨ ᠵᠢᠯ ᠦᠳ ᠲᠦ ᠥᠰᠴᠦ ᠥᠨᠳᠡᠶᠢᠨ᠂ ᠮᠡᠳᠡᠯᠭᠡ ᠪᠣᠯᠪᠠᠰᠤᠷᠠᠯ ᠡᠵᠡᠮᠰᠢᠬᠦ᠂ ᠬᠢᠵᠦ ᠪᠦᠲᠦᠭᠡᠬᠦ ᠠᠭᠤᠤ ᠲᠡᠮᠡᠦᠯᠦᠯ ᠲᠡᠢ ᠡᠭᠡᠯ ᠵᠢᠷ ᠦᠨ ᠪᠣᠯᠪᠠᠴᠤ︽ᠬᠣᠪᠣᠷ︾ ᠬᠦᠮᠦᠰ᠂ ᠡᠮᠡᠭᠲᠡᠶᠢᠴᠦᠳ ᠦᠨ ᠬᠡᠪ ᠰᠢᠨᠵᠢᠲᠦ ᠣᠯᠠᠨ ᠳᠦᠷᠢ ᠪᠦᠲᠦᠭᠡᠭᠰᠡᠨ ᠥᠭᠦᠯᠡᠯᠭᠡ᠂ ᠲᠤᠭᠤᠵᠢ᠂ ᠰᠢᠯᠦᠭ᠂  ᠵᠦᠴᠦᠭᠡ᠂ ᠺᠢᠨᠣ᠋ ᠣᠯᠠᠨ ᠢ ᠪᠢᠴᠢᠭᠰᠡᠨ ᠪᠢᠯᠡ᠃

ᠰᠡᠳᠬᠢᠭᠳᠡᠯ ᠦᠯᠡᠳᠡᠭᠡᠬᠦ