ᠪ∙ᠳᠣᠷᠵᠢ ᠢᠲᠡᠭᠡᠮᠵᠢᠯᠡᠬᠦ ᠵᠢᠭᠤᠬᠤ ᠪᠢᠴᠢᠭ ᠢᠶᠡᠨ ᠡᠷᠭᠦᠨ ᠪᠠᠷᠢᠪᠠ  | News.MN

ᠪ∙ᠳᠣᠷᠵᠢ ᠢᠲᠡᠭᠡᠮᠵᠢᠯᠡᠬᠦ ᠵᠢᠭᠤᠬᠤ ᠪᠢᠴᠢᠭ ᠢᠶᠡᠨ ᠡᠷᠭᠦᠨ ᠪᠠᠷᠢᠪᠠ 

 

ᠮᠣᠩᠭᠣᠯ ᠤᠯᠤᠰ ᠠᠴᠠ ᠪᠦᠭᠦᠳᠡ ᠨᠠᠶᠢᠷᠠᠮᠳᠠᠬᠤ ᠯᠢᠲ᠋ᠸᠠ ᠤᠯᠤᠰ ᠲᠤ ᠰᠠᠭᠤᠬᠤ ᠡᠯᠴᠢᠨ ᠰᠠᠶᠢᠳ ᠪ ∙ ᠳᠣᠷᠵᠢ ᠲᠤᠰ ᠤᠯᠤᠰ ᠤᠨ ᠶᠡᠷᠦᠩᠬᠡᠶᠢᠯᠡᠭᠴᠢ ᠭᠢᠲ᠋ᠠᠨᠠᠰ ᠨᠠᠸ᠋ᠰᠸᠳᠠ ᠳᠤ ᠢᠲᠡᠭᠡᠮᠵᠢᠯᠡᠬᠦ ᠵᠢᠭᠤᠬᠤ ᠪᠢᠴᠢᠭ ᠢᠶᠡᠨ ᠡᠨᠡ ᠰᠠᠷ᠎ᠠ ᠶᠢᠨ 22 ᠍ ᠳᠦ ᠴᠠᠬᠢᠮ ᠢᠶᠠᠷ ᠡᠷᠭᠦᠨ ᠪᠠᠷᠢᠪᠠ᠃ ᠲᠡᠷᠡ ᠪᠡᠷ᠂ ᠯᠢᠲ᠋ᠸᠠ ᠤᠯᠤᠰ ᠤᠨ ᠶᠡᠷᠦᠩᠬᠡᠶᠢᠯᠡᠭᠴᠢ  ᠳᠤ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠮᠡᠨᠳᠦᠴᠢᠯᠡᠭᠡ ᠶᠢ ᠤᠯᠠᠮᠵᠢᠯᠠᠵᠤ᠂ ᠯᠢᠲ᠋ᠸᠠ ᠶᠢᠨ ᠶᠡᠷᠦᠩᠬᠡᠶᠢᠯᠡᠭᠴᠢ ᠶᠢ ᠲᠠᠭᠠᠯᠠᠮᠵᠢᠲᠠᠢ ᠦᠶ᠎ᠡ ᠳᠤ ᠪᠠᠨ ᠮᠣᠩᠭᠣᠯ ᠤᠯᠤᠰ ᠲᠤ ᠠᠶᠢᠯᠴᠢᠯᠠᠬᠤ ᠶᠢ ᠤᠷᠢᠭᠰᠠᠨ ᠤᠷᠢᠯᠭ᠎ᠠ ᠶᠢ ᠨᠢ ᠳᠠᠮᠵᠢᠭᠤᠯᠪᠠ᠃
ᠯᠢᠲ᠋ᠸᠠ ᠶᠢᠨ ᠶᠡᠷᠦᠩᠬᠡᠶᠢᠯᠡᠭᠴᠢ ᠮᠣᠩᠭᠣᠯ ᠤᠯᠤᠰ ᠲᠤ ᠠᠶᠢᠯᠴᠢᠯᠠᠬᠤ ᠬᠦᠰᠡᠯ ᠲᠡᠢ ᠪᠤᠢ  ᠪᠠᠨ ᠢᠯᠡᠷᠬᠡᠶᠢᠯᠡᠭᠡᠳ᠂ ᠮᠣᠩᠭᠣᠯ ᠤᠯᠤᠰ ᠲᠠᠢ ᠬᠠᠷᠢᠯᠴᠠᠭ᠎ᠠ᠂ ᠬᠠᠮᠲᠤ ᠶᠢᠨ ᠠᠵᠢᠯᠯᠠᠭ᠎ᠠ ᠶᠢ ᠪᠣᠯᠤᠮᠵᠢ ᠲᠠᠢ ᠪᠦᠬᠦ ᠰᠠᠯᠪᠤᠷᠢ ᠳᠤ ᠥᠷᠭᠡᠵᠢᠭᠦᠯᠦᠨ ᠬᠥᠭᠵᠢᠭᠦᠯᠬᠦ ᠶᠢᠨ ᠲᠥᠯᠥᠭᠡ ᠪᠠᠶᠢᠭ᠎ᠠ ᠪᠠᠨ ᠮᠡᠳᠡᠭᠳᠡᠯ᠎ᠡ᠃ ᠬᠣᠶᠠᠷ ᠤᠯᠤᠰ ᠤᠨ ᠬᠣᠭᠣᠷᠣᠨᠳᠣ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 30 ᠵᠢᠯ ᠦᠨ ᠣᠢ ᠶᠢ ᠬᠠᠮᠲᠤᠷᠠᠨ ᠲᠡᠮᠳᠡᠭᠯᠡᠬᠦ᠂ ᠴᠢᠨᠠᠭᠰᠢᠳᠠ ᠤᠯᠤᠰ ᠲᠥᠷᠥ ᠶᠢᠨ ᠬᠠᠷᠢᠯᠴᠠᠭ᠎ᠠ ᠶᠢ ᠢᠳᠡᠪᠬᠢᠵᠢᠭᠦᠯᠬᠦ᠂ ᠬᠤᠳᠠᠯᠳᠤᠭ᠎ᠠ᠂ ᠡᠳ᠋ ᠍ ᠦᠨ ᠵᠠᠰᠠᠭ᠂ ᠬᠦᠮᠦᠯᠢᠭ᠂ ᠮᠡᠳᠡᠭᠡᠯᠡᠯ ᠦᠨ ᠲᠧᠭᠨᠣᠯᠣᠭᠢ᠂ ᠵᠠᠮ ᠲᠡᠭᠡᠭᠡᠪᠦᠷᠢ᠂ ᠪᠣᠯᠪᠠᠰᠤᠷᠠᠯ᠂ ᠰᠤᠶᠤᠯ ᠤᠨ ᠰᠠᠯᠪᠤᠷᠢ ᠶᠢᠨ ᠬᠠᠮᠲᠤ ᠶᠢᠨ ᠠᠵᠢᠯᠯᠠᠭ᠎ᠠ ᠶᠢ ᠥᠷᠭᠡᠵᠢᠭᠦᠯᠬᠦ ᠳᠦ ᠴᠢᠭᠯᠡᠭᠰᠡᠨ ᠲᠣᠳᠣᠷᠬᠠᠢ ᠠᠰᠠᠭᠤᠳᠠᠯ ᠤᠳ ᠢᠶᠠᠷ ᠰᠠᠨᠠᠯ ᠰᠤᠯᠢᠯᠴᠠᠪᠠ᠃

ᠰᠡᠳᠬᠢᠭᠳᠡᠯ ᠦᠯᠡᠳᠡᠭᠡᠬᠦ