ᠤᠷᠠᠨ ᠪᠦᠲᠦᠭᠡᠯᠴᠢᠳ︽ᠶᠡᠬᠡ ᠴᠠᠢ ᠶᠢᠨ ᠵᠠᠮ︾ ᠨᠠᠭᠠᠳᠤᠮ ᠳᠤ ᠣᠷᠣᠯᠴᠠᠵᠤ ᠪᠠᠶᠢᠨ᠎ᠠ  | News.MN

ᠤᠷᠠᠨ ᠪᠦᠲᠦᠭᠡᠯᠴᠢᠳ︽ᠶᠡᠬᠡ ᠴᠠᠢ ᠶᠢᠨ ᠵᠠᠮ︾ ᠨᠠᠭᠠᠳᠤᠮ ᠳᠤ ᠣᠷᠣᠯᠴᠠᠵᠤ ᠪᠠᠶᠢᠨ᠎ᠠ 

 

ᠨᠠᠢ᠌ᠮᠠᠳᠠᠬᠢ ᠤᠳᠠᠭ᠎ᠠ ᠶᠢᠨ︽ᠶᠡᠬᠡ ᠴᠠᠢ ᠶᠢᠨ ᠵᠠᠮ ᠳᠡᠭᠡᠷ᠎ᠡ︾ᠣᠯᠠᠨ ᠤᠯᠤᠰ ᠤᠨ ᠹᠧᠰᠲ᠋ᠢᠸᠠᠯ ᠤᠨ ᠡᠬᠢᠨ ᠦ ᠱᠠᠲᠤᠨ ᠤ ᠰᠢᠯᠭᠠᠷᠠᠭᠤᠯᠤᠯᠲᠠ ᠡᠨᠡ ᠣᠨ ᠤ ᠨᠢᠭᠡ᠂ ᠬᠣᠶᠠᠳᠤᠭᠠᠷ ᠰᠠᠷ᠎ᠠ ᠳᠤ ᠪᠣᠯᠵᠤ ᠥᠴᠥᠭᠡᠳᠦᠷ ᠥᠨᠳᠥᠷᠯᠡᠵᠡᠢ᠃ ᠹᠧᠰᠲ᠋ᠢᠸᠠᠯ ᠳᠤ ᠤᠯᠠᠭᠠᠨᠪᠠᠭᠠᠲᠤᠷ ᠬᠣᠲᠠ᠂ ᠵᠠᠮ ᠤᠨ ᠡᠭᠦᠳᠡ ᠰᠤᠮᠤ᠂ ᠬᠥᠪᠰᠥᠭᠥᠯ ᠠᠶᠢᠮᠠᠭ ᠠᠴᠠ ᠤᠷᠠᠨ ᠪᠦᠲᠦᠭᠡᠯᠴᠢᠳ ᠣᠷᠣᠯᠴᠠᠵᠠᠢ᠃
ᠡᠬᠢᠨ ᠦ ᠱᠠᠲᠤᠨ ᠤ ᠰᠢᠯᠭᠠᠷᠠᠭᠤᠯᠤᠯᠲᠠ ᠠᠴᠠ ᠵᠢᠷᠭᠤᠭᠠᠨ ᠨᠤᠮᠢᠨᠠᠼ ᠢᠶᠠᠷ ᠲᠡᠷᠢᠭᠦᠨ ᠪᠠᠶᠢᠷᠢ ᠲᠣᠳᠣᠷᠠᠭᠤᠯᠬᠤ ᠳᠤ ᠲᠢᠶᠠᠲ᠋ᠷ ᠤᠨ ︽ᠤᠷᠠ︾ᠬᠠᠮᠲᠤᠯᠢᠭ᠂ ᠪᠦᠵᠢᠭ ᠦᠨ︽ᠰᠢᠦ᠋ᠫᠷᠢᠽ︾ᠴᠢᠭᠤᠯᠭ᠎ᠠ ᠶᠢᠨ ᠬᠠᠮᠲᠤᠷᠠᠭᠰᠠᠨ ᠪᠦᠲᠦᠭᠡᠯ᠂  ᠳᠠᠭᠤᠤ ᠶᠢᠨ︽ᠲᠩᠷᠢ︾᠂ ᠲᠢᠶᠠᠲ᠋ᠷ ᠤᠨ ︽ᠢᠨᠢᠶᠡᠮᠰᠦᠭᠯᠡᠯ︾ᠬᠠᠮᠲᠤᠯᠢᠭ ᠤᠨ ᠬᠠᠮᠲᠤᠷᠠᠭᠰᠠᠨ︽ᠣᠷᠣᠰ ᠤᠨ ᠶᠠᠭᠠᠷᠮᠠᠭ︾ᠪᠦᠲᠦᠭᠡᠯ ᠦᠳ ᠰᠢᠯᠭᠠᠷᠠᠵᠠᠢ᠃ ᠮᠥᠨ ᠳᠡᠭᠡᠷ᠎ᠡ ᠨᠡᠷ᠎ᠡ ᠳᠤᠷᠠᠳᠤᠭᠰᠠᠨ ᠬᠠᠮᠲᠤᠯᠢᠭ ᠤᠳ ᠪᠦᠭᠦᠳᠡ ᠣᠷᠣᠯᠴᠠᠨ ᠲᠣᠭᠯᠠᠭᠰᠠᠨ ᠡᠨᠡᠳᠬᠡᠭ ᠴᠠᠢ ᠶᠢᠨ ᠶᠣᠰᠣᠯᠠᠯ ᠵᠣᠬᠢᠶᠠᠮᠵᠢ ᠲᠡᠷᠢᠭᠦᠨ ᠪᠠᠶᠢᠷᠢ ᠡᠵᠡᠯᠡᠵᠡᠢ᠃ ︽ᠶᠡᠬᠡ ᠴᠠᠢ ᠶᠢᠨ ᠵᠠᠮ ᠳᠡᠭᠡᠷ᠎ᠡ︾ ᠤᠯᠠᠮᠵᠢᠯᠠᠯᠲᠤ ᠹᠧᠰᠲ᠋ᠢᠸᠠᠯ ᠡᠨᠡ ᠵᠢᠯ ᠪᠤᠷᠢᠶᠠᠳ ᠤᠨ ᠨᠡᠶᠢᠰᠯᠡᠯ ᠡᠭᠦᠰᠬᠡᠨ ᠪᠠᠢᠭᠤᠯᠤᠭᠳᠠᠭᠰᠠᠨ ᠤ 355 ᠵᠢᠯ ᠦᠨ ᠣᠢ ᠶᠢᠨ ᠬᠦᠷᠢᠶᠡᠨ ᠳᠤ ᠵᠣᠬᠢᠶᠠᠨ ᠪᠠᠶᠢᠭᠤᠯᠤᠭᠳᠠᠵᠤ ᠪᠠᠶᠢᠭ᠎ᠠ ᠠᠵᠠᠢ᠃

ᠰᠡᠳᠬᠢᠭᠳᠡᠯ ᠦᠯᠡᠳᠡᠭᠡᠬᠦ