ᠨᠢᠭᠡ ᠬᠦᠮᠦᠨ ᠢ 41.7 ᠳ᠋ᠣᠯᠯᠠᠷ ᠢᠶᠠᠷ ᠸᠠᠺᠼᠢᠨᠵᠢᠭᠤᠯᠤᠨ᠎ᠠ  | News.MN

ᠨᠢᠭᠡ ᠬᠦᠮᠦᠨ ᠢ 41.7 ᠳ᠋ᠣᠯᠯᠠᠷ ᠢᠶᠠᠷ ᠸᠠᠺᠼᠢᠨᠵᠢᠭᠤᠯᠤᠨ᠎ᠠ 

 

ᠮᠣᠩᠭᠣᠯ ᠤᠯᠤᠰ ᠨᠥᠭᠥᠭᠡᠳᠦᠷ ᠡᠴᠡ ᠲᠠᠬᠤᠯ ᠤᠨ ᠡᠰᠡᠷᠭᠦ ᠪᠦᠬᠦ ᠨᠡᠶᠢᠲᠡ ᠶᠢᠨ ᠳᠠᠷᠬᠠᠯᠠᠭᠠᠵᠢᠭᠤᠯᠤᠯᠲᠠ ᠶᠢᠨ ᠬᠥᠲᠥᠯᠪᠦᠷᠢ ᠶᠢ ᠡᠬᠢᠯᠡᠨ᠎ᠡ᠃ ᠵᠠᠰᠠᠭ ᠤᠨ ᠭᠠᠵᠠᠷ ᠠᠴᠠ ᠡᠨᠡ ᠠᠵᠢᠯ ᠳᠤ 226 ᠲᠡᠷᠪᠤᠮ ᠲᠥᠭᠥᠷᠢᠭ ᠵᠠᠷᠤᠴᠠᠭᠤᠯᠬᠤ ᠪᠠᠷ ᠲᠥᠰᠥᠪᠯᠡᠭᠰᠡᠨ ᠢ ᠥᠴᠥᠭᠡᠳᠦᠷ ᠵᠠᠷᠯᠠᠭᠰᠠᠨ᠃ ᠡᠭᠦᠨ ᠢ ᠳ᠋ᠣᠯᠯᠠᠷ ᠢᠶᠠᠷ ᠲᠣᠭᠠᠴᠠᠪᠠᠯ 79.3 ᠰᠠᠶ᠎ᠠ ᠳ᠋ᠣᠯᠯᠠᠷ ᠪᠥᠭᠡᠳ ᠵᠣᠷᠢᠯᠲᠠᠲᠤ ᠪᠦᠯᠦᠭ ᠦᠨ 1.9 ᠰᠠᠶ᠎ᠠ ᠬᠦᠮᠦᠨ ᠳᠦ ᠪᠡᠨ ᠬᠤᠪᠢᠶᠠᠵᠤ ᠦᠵᠡᠬᠦ ᠳᠦ ᠨᠢᠭᠡ ᠬᠦᠮᠦᠨ ᠳᠦ 41.3 ᠳ᠋ᠣᠯᠯᠠᠷ ᠨᠣᠭᠳᠠᠵᠤ ᠪᠠᠶᠢᠭ᠎ᠠ ᠶᠤᠮ᠃ ᠸᠠᠺᠼᠢᠨ ᠬᠤᠳᠠᠯᠳᠤᠵᠤ ᠠᠪᠬᠤ ᠠᠴᠠ ᠡᠬᠢᠯᠡᠭᠡᠳ ᠬᠠᠳᠠᠭᠠᠯᠠᠬᠤ᠂ ᠬᠡᠷᠡᠭᠯᠡᠭᠴᠢ ᠳᠦ ᠬᠦᠷᠭᠡᠬᠦ ᠪᠦᠬᠦ ᠵᠠᠷᠤᠳᠠᠯ ᠡᠭᠦᠨ ᠳᠦ ᠪᠠᠭᠲᠠᠭᠰᠠᠨ ᠢ ᠡᠷᠡᠭᠦᠯ ᠮᠡᠨᠳᠦ ᠶᠢᠨ ᠰᠠᠶᠢᠳ ᠰ ∙ ᠡᠩᠬᠡᠪᠣᠯᠤᠳ ᠣᠨᠴᠠᠯᠠᠭᠰᠠᠨ᠃

ᠰᠡᠳᠬᠢᠭᠳᠡᠯ ᠦᠯᠡᠳᠡᠭᠡᠬᠦ