ᠮᠣᠩᠭᠣᠯ ᠤᠨ ᠬᠥᠯ ᠪᠥᠮᠪᠥᠭᠡ ᠶᠢᠨ ᠲᠡᠦᠬᠡᠨ ᠡᠳᠦᠷ ᠲᠣᠬᠢᠶᠠᠵᠤ ᠪᠠᠶᠢᠨ᠎ᠠ  | News.MN

ᠮᠣᠩᠭᠣᠯ ᠤᠨ ᠬᠥᠯ ᠪᠥᠮᠪᠥᠭᠡ ᠶᠢᠨ ᠲᠡᠦᠬᠡᠨ ᠡᠳᠦᠷ ᠲᠣᠬᠢᠶᠠᠵᠤ ᠪᠠᠶᠢᠨ᠎ᠠ 

 

ᠮᠣᠩᠭᠣᠯ ᠤᠯᠤᠰ ᠤᠨ ᠬᠥᠯ ᠪᠥᠮᠪᠥᠭᠡ ᠶᠢᠨ ᠰᠢᠭᠰᠢᠭᠡ ᠪᠠᠭ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠠᠩᠬᠠᠨ ᠤ ᠣᠨᠣᠭ᠎ᠠ ᠪᠠᠨ ᠠᠪᠤᠭᠰᠠᠨ ᠲᠡᠦᠬᠡᠨ ᠡᠳᠦᠷ ᠥᠨᠥᠳᠥᠷ ᠲᠣᠬᠢᠶᠠᠵᠤ ᠪᠠᠶᠢᠨ᠎ᠠ᠃ ᠮᠣᠩᠭᠣᠯ ᠤᠨ ᠬᠥᠯ ᠪᠥᠮᠪᠥᠭᠡ ᠶᠢᠨ ᠬᠣᠯᠪᠣᠭ᠎ᠠ ᠣᠯᠠᠨ ᠤᠯᠤᠰ ᠤᠨ ᠬᠥᠯ ᠪᠥᠮᠪᠥᠭᠡ ᠶᠢᠨ ᠬᠣᠯᠪᠣᠭᠠᠨ ᠳᠤ ᠭᠡᠰᠢᠭᠦᠨ ᠢᠶᠡᠷ ᠡᠯᠰᠡᠭᠰᠡᠨ ᠡᠴᠡ ᠬᠣᠶᠢᠰᠢ ᠣᠷᠣᠯᠴᠠᠭᠰᠠᠨ ᠠᠩᠬᠠᠨ ᠤ ᠲᠡᠮᠡᠴᠡᠭᠡᠨ ᠨᠢ 2002 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠤᠷᠢᠳᠴᠢᠯᠠᠭᠰᠠᠨ ᠲᠡᠮᠡᠴᠡᠭᠡᠨ ᠪᠠᠶᠢᠭᠰᠠᠨ ᠪᠥᠭᠡᠳ ᠮᠠᠨ ᠤ ᠪᠠᠭ ᠰᠠᠦ᠋ᠳᠢ ᠠᠷᠠᠪ᠂ ᠸᠢᠶᠧᠲ᠋ᠨᠠᠮ᠂ ᠪᠠᠩᠯᠠᠳ᠋ᠸᠱ ᠲᠠᠢ ᠨᠢᠭᠡ ᠬᠡᠰᠡᠭ ᠲᠦ ᠣᠷᠣᠵᠤ᠂ ᠪᠠᠩᠯᠠᠳ᠋ᠸᠱ  ᠲᠠᠢ 2᠄2 ᠍ ᠢᠶᠠᠷ ᠲᠡᠩᠴᠡᠨ ᠠᠩᠬᠠᠨ ᠤ ᠣᠨᠣᠭ᠎ᠠ ᠪᠠᠨ ᠠᠪᠤᠭᠰᠠᠨ ᠪᠠᠶᠢᠳᠠᠭ᠃
ᠸᠢᠶᠧᠲ᠋ᠨᠠᠮ ᠳᠤ ᠡᠬᠢᠯᠡᠭᠡᠳ 0᠄4 ᠍ ᠪᠡᠷ ᠬᠣᠵᠢᠭᠳᠠᠭᠰᠠᠨ ᠴᠤ ᠳᠠᠷᠠᠭ᠎ᠠ ᠨᠢ 0᠄1 ᠍ ᠪᠡᠷ ᠳᠡᠶᠢᠯᠳᠡᠭᠰᠡᠨ᠃ ᠬᠠᠮᠠᠭᠠᠯᠠᠭᠴᠢ ᠳ∙ᠲᠡᠷᠡᠪᠠᠭᠠᠲᠤᠷ ᠬᠥᠯ ᠪᠥᠮᠪᠥᠭᠡ ᠶᠢᠨ ᠬᠠᠭᠠᠨ ᠫᠧᠯᠧ ᠼᠧᠬᠣᠰᠯᠣᠸᠠᠺᠢ ᠶᠢᠨ ᠬᠠᠭᠠᠯᠭᠠᠨ ᠳᠤ ᠬᠢᠭᠰᠡᠨ ᠰᠢᠭ ᠠᠯᠤᠰ ᠤᠨ ᠴᠣᠬᠢᠯᠲᠠ ᠶᠢ ᠸᠢᠶᠧᠲ᠋ᠨᠠᠮ ᠤᠨ ᠬᠠᠭᠠᠯᠭᠠᠨ ᠳᠤ ᠬᠢᠵᠦ ᠪᠠᠶᠢᠭᠰᠠᠨ ᠨᠢ ᠰᠠᠨᠠᠭᠠᠨ ᠳᠤ ᠦᠯᠡᠳᠡᠵᠡᠢ᠃ ᠰᠢᠭᠰᠢᠭᠡ ᠪᠠᠭ ᠤᠨ ᠪᠦᠬᠦ ᠴᠠᠭ ᠦᠶ᠎ᠡ ᠶᠢᠨ ᠮᠡᠷᠭᠡᠨ ᠪᠤᠤᠴᠢ ᠪᠣᠯᠣᠳ ᠤᠨ ᠪᠤᠮᠤᠨ-ᠤᠴᠠᠷᠠᠯ᠂ ᠲᠤᠬᠠᠢ ᠶᠢᠨ ᠦᠶ᠎ᠡ ᠳᠦ ᠪᠡᠨ ᠰᠣᠯᠣᠭᠠᠢ ᠬᠥᠯ ᠦᠨ ᠴᠣᠬᠢᠯᠲᠠ ᠪᠠᠷ ᠢᠶᠠᠨ ᠭᠠᠶᠢᠬᠠᠭᠳᠠᠳᠠᠭ ᠪᠠᠶᠢᠭᠰᠠᠨ ᠰ∙ᠪᠠᠶᠠᠷᠵᠣᠷᠢᠭ ᠨᠠᠷ ᠭᠤᠤᠯᠢ ᠣᠷᠣᠭᠤᠯᠵᠤ ᠡᠨᠡ ᠲᠡᠦᠬᠡ ᠶᠢ ᠪᠦᠲᠦᠭᠡᠭᠰᠡᠨ ᠪᠢᠯᠡ᠃

ᠰᠡᠳᠬᠢᠭᠳᠡᠯ ᠦᠯᠡᠳᠡᠭᠡᠬᠦ