ᠰᠠᠶ᠋ᠢᠳ᠋ ᠮᠣᠯᠯᠧᠢ ᠮᠥᠩᠭᠥᠨ ᠮᠧᠳᠠᠯ ᠬᠦᠷᠲᠡᠯ᠎ᠡ  | News.MN

ᠰᠠᠶ᠋ᠢᠳ᠋ ᠮᠣᠯᠯᠧᠢ ᠮᠥᠩᠭᠥᠨ ᠮᠧᠳᠠᠯ ᠬᠦᠷᠲᠡᠯ᠎ᠡ 

 

ᠲᠧᠯ ᠠᠪᠢᠪ ᠤᠨ ᠭᠷᠡᠨᠳ᠋ ᠰᠯᠠᠮ ᠳᠤ ᠣᠷᠣᠯᠴᠠᠭᠰᠠᠨ ᠮᠠᠨ ᠤ ᠤᠯᠤᠰ ᠤᠨ ᠲᠠᠮᠢᠷᠴᠢᠨ ᠰᠠᠶ᠋ᠢᠳ᠋ ᠮᠣᠯᠯᠧᠢ ᠮᠥᠩᠭᠥᠨ ᠮᠧᠳᠠᠯ ᠬᠦᠷᠲᠡᠯ᠎ᠡ᠃ ᠲᠡᠷᠡ ᠪᠡᠷ B ᠬᠡᠰᠡᠭ ᠢ ᠲᠡᠷᠢᠭᠦᠯᠡᠨ᠂ ᠬᠠᠭᠠᠰ ᠰᠢᠭᠰᠢᠭᠡ ᠳᠦ ᠣᠷᠣᠰ ᠤᠨ ᠠᠰᠯᠠᠨ  ᠯᠠᠫᠫᠢᠨᠠᠭᠤᠪ ᠢ ᠢᠯᠠᠵᠤ᠂ ᠠᠯᠲᠠᠨ ᠮᠧᠳᠠᠯ ᠤᠨ ᠲᠥᠯᠥᠭᠡ ᠪᠠᠷᠢᠯᠳᠤᠬᠤ ᠡᠷᠬᠡ ᠲᠡᠢ ᠪᠣᠯᠤᠭᠰᠠᠨ ᠶᠤᠮ᠃ ᠲᠡᠭᠦᠨ ᠲᠡᠢ ᠠᠯᠲᠠᠨ ᠮᠧᠳᠠᠯ ᠤᠨ ᠲᠥᠯᠥᠭᠡ ᠦᠽᠪᠸᠺᠰᠲ᠋ᠠᠨ ᠤ ᠱᠠᠷᠤᠹᠢᠳ᠋ᠳ᠋ ᠤᠨ ᠪᠤᠯᠲ᠋ᠠᠪᠤᠶ᠋ᠸ ᠪᠠᠷᠢᠯᠳᠤᠵᠤ ᠢᠯᠠᠯ᠎ᠠ᠃ ᠮᠠᠨ ᠤ ᠪᠥᠬᠡ ᠮᠥᠩᠭᠥᠨ ᠮᠧᠳᠠᠯ ᠬᠦᠷᠲᠡᠭᠰᠡᠨ ᠴᠤ ᠣᠯᠢᠮᠫ ᠤᠨ ᠡᠷᠬᠡ ᠶᠢᠨ 700 ᠣᠨᠣᠭᠣᠨ ᠤ ᠡᠵᠡᠨ ᠪᠣᠯᠵᠤ ᠪᠠᠶᠢᠭ᠎ᠠ ᠶᠤᠮ᠃ ᠳᠠᠷᠠᠭ᠎ᠠ ᠶᠢᠨ ᠲᠡᠮᠡᠴᠡᠭᠡᠨ ᠨᠢ ᠢᠷᠡᠬᠦ ᠭᠤᠷᠪᠠᠳᠤᠭᠠᠷ ᠰᠠᠷ᠎ᠠ ᠶᠢᠨ 5 ᠍ ᠳᠦ ᠪᠣᠯᠬᠤ ᠲᠠᠱᠺᠧᠨᠲ ᠤᠨ ᠭᠷᠡᠨᠳ᠋ ᠰᠯᠠᠮ  ᠶᠤᠮ᠃

ᠰᠡᠳᠬᠢᠭᠳᠡᠯ ᠦᠯᠡᠳᠡᠭᠡᠬᠦ