ᠨᠣᠭᠳᠠᠯ ᠠᠰᠢᠭ ᠲᠠᠷᠠᠭᠠᠬᠤ ᠪᠠᠨ 25 ᠺᠣᠮᠫᠠᠨᠢ ᠮᠡᠳᠡᠭᠳᠡᠭᠡᠳ ᠪᠠᠶᠢᠨ᠎ᠠ  | News.MN

ᠨᠣᠭᠳᠠᠯ ᠠᠰᠢᠭ ᠲᠠᠷᠠᠭᠠᠬᠤ ᠪᠠᠨ 25 ᠺᠣᠮᠫᠠᠨᠢ ᠮᠡᠳᠡᠭᠳᠡᠭᠡᠳ ᠪᠠᠶᠢᠨ᠎ᠠ 

 

ᠰᠠᠩᠬᠦᠦ ᠶᠢᠨ ᠬᠤᠭᠤᠴᠠᠭᠠᠨ ᠳᠤ ᠮᠣᠩᠭᠣᠯ ᠤᠨ ᠬᠥᠷᠥᠩᠭᠡ ᠶᠢᠨ ᠪᠢᠷᠵᠢ ᠳᠦ ᠪᠦᠷᠢᠳᠬᠡᠯ ᠲᠡᠢ 25 ᠺᠣᠮᠫᠠᠨᠢ ᠨᠣᠭᠳᠠᠯ ᠠᠰᠢᠭ ᠲᠠᠷᠠᠭᠠᠬᠤ ᠪᠠᠨ ᠮᠡᠳᠡᠭᠳᠡᠵᠦ᠂ ᠡᠬᠢᠨ ᠡᠴᠡ ᠪᠡᠨ ᠣᠯᠠᠨ ᠨᠡᠶᠢᠲᠡ ᠳᠦ ᠲᠠᠨᠢᠯᠴᠠᠭᠤᠯᠤᠭᠰᠠᠭᠠᠷ ᠪᠠᠶᠢᠨ᠎ᠠ᠃ ᠡᠳᠡᠭᠡᠷ ᠡᠴᠡ ᠳᠤᠷᠠᠳᠪᠠᠯ᠂ ︽ᠳᠠᠷᠬᠠᠨ ᠨᠡᠬᠡᠢ︾᠂︽ᠮᠣᠩᠭᠣᠯ ᠰᠢᠤᠳᠠᠨ︾᠂ ︽ᠮᠣᠩᠭᠣᠯ ᠤᠨ ᠴᠠᠬᠢᠯᠭᠠᠨ ᠬᠣᠯᠪᠣᠭ᠎ᠠ︾᠂ ︽ᠠᠫᠤ︾᠂ ︽ᠤᠯᠠᠭᠠᠨᠪᠠᠭᠠᠲᠤᠷ ᠬᠡᠪᠢᠰ︾᠂ ︽ᠲᠠᠯᠬ᠎ᠠ ᠰᠢᠬᠢᠷ︾᠂ ︽ᠮᠣᠨᠣᠰᠣ ᠬᠦᠨᠡᠰᠦ︾᠂︽ ᠮᠢᠬ᠎ᠠ ᠢᠮᠫᠧᠺᠰ︾ ᠵᠡᠷᠭᠡ ᠳᠣᠲᠣᠭᠠᠳᠤ ᠶᠢᠨ ᠲᠣᠮᠣᠬᠠᠨ ᠺᠣᠮᠫᠠᠨᠢ ᠨᠤᠭᠤᠳ ᠠᠴᠠ ᠭᠠᠳᠠᠨ᠎ᠠ︽ᠠᠳᠤᠭᠤᠨ ᠴᠢᠯᠠᠭᠤᠨ︾᠂ ︽ᠭᠤᠲᠤᠯ︾᠂ ︽Тахько︾᠂ ︽УБ БҮК︾᠂ ︽ᠭᠧᠷᠮᠧᠰ ᠼᠧᠨᠲᠷ︾᠂ ︽E ᠲᠷᠠᠨᠰ ᠯᠤᠵᠢᠰᠲ᠋ᠢᠺ︾᠂ ︽ᠪᠠᠶᠠᠨ ᠲᠡᠭᠡᠭ︾᠂ ︽ᠲᠦᠮᠡᠨ ᠰᠢᠪᠠᠭᠤᠲᠤ︾᠂ ︽ᠮᠣᠩᠭᠣᠯ  ᠪᠠᠽᠠᠯᠢᠲ︾ ᠵᠡᠷᠭᠡ ᠺᠣᠮᠫᠠᠨᠢ ᠣᠷᠣᠵᠤ ᠪᠠᠶᠢᠨ᠎ᠠ᠃
ᠬᠠᠷᠢᠨ ᠮᠣᠩᠭᠣᠯ ᠤᠨ ᠬᠥᠷᠥᠩᠭᠡ ᠶᠢᠨ ᠪᠢᠷᠵᠢ ᠳᠦ ᠪᠦᠷᠢᠳᠬᠡᠯ ᠲᠡᠢ 17 ᠺᠣᠮᠫᠠᠨᠢ ᠨᠣᠭᠳᠠᠯ ᠠᠰᠢᠭ ᠲᠠᠷᠠᠭᠠᠬᠤ ᠦᠭᠡᠢ ᠭᠡᠳᠡᠭ ᠢᠶᠡᠨ ᠮᠡᠳᠡᠭᠳᠡᠭᠰᠡᠨ᠃ ᠡᠭᠦᠨ ᠳᠦ᠂ ᠬᠤᠳᠠᠯᠳᠤᠭ᠎ᠠ᠂ ᠲᠡᠭᠡᠭᠡᠪᠦᠷᠢ᠂ ᠠᠶᠠᠯᠠᠯ ᠵᠢᠭᠤᠯᠴᠢᠯᠠᠯ᠂ ᠨᠡᠬᠡᠮᠡᠯ ᠡᠳ᠋ᠯᠡᠯ ᠦᠨ ᠺᠣᠮᠫᠠᠨᠢ ᠭᠣᠣᠯᠯᠠᠵᠤ ᠪᠠᠶᠢᠨ᠎ᠠ᠃

ᠰᠡᠳᠬᠢᠭᠳᠡᠯ ᠦᠯᠡᠳᠡᠭᠡᠬᠦ