︽ᠪᠠᠯᠧᠲ ᠤᠨ ᠬᠥᠭᠵᠢᠯ ᠰᠠᠩ︾ᠮᠣᠩᠭᠣᠯ ᠪᠦᠵᠢᠭᠴᠢᠳ ᠢ ᠣᠯᠠᠨ ᠤᠯᠤᠰ ᠲᠤ ᠳᠠᠬᠢᠨ ᠨᠡᠭᠡᠭᠡᠯ᠎ᠡ  | News.MN

︽ᠪᠠᠯᠧᠲ ᠤᠨ ᠬᠥᠭᠵᠢᠯ ᠰᠠᠩ︾ᠮᠣᠩᠭᠣᠯ ᠪᠦᠵᠢᠭᠴᠢᠳ ᠢ ᠣᠯᠠᠨ ᠤᠯᠤᠰ ᠲᠤ ᠳᠠᠬᠢᠨ ᠨᠡᠭᠡᠭᠡᠯ᠎ᠡ 

 

ᠳᠡᠯᠡᠬᠡᠢ ᠨᠡᠶᠢᠲᠡ ᠪᠡᠷ ᠢᠶᠡᠨ ᠬᠥᠯ ᠬᠣᠷᠢᠭᠠᠨ ᠳᠤ ᠪᠠᠶᠢᠭ᠎ᠠ ᠡᠨᠡ ᠡᠳᠦᠷ ᠦᠳ ᠲᠦ ᠤᠷᠠᠯᠢᠭ᠂ ᠰᠫᠣᠷᠲ ᠤᠨ ᠣᠯᠠᠨ ᠴᠢᠬᠤᠯᠠ ᠠᠷᠭ᠎ᠠ ᠬᠡᠮᠵᠢᠶ᠎ᠡ ᠴᠠᠬᠢᠮ ᠢᠶᠠᠷ ᠵᠣᠬᠢᠶᠠᠨ ᠪᠠᠶᠢᠭᠤᠯᠤᠭᠳᠠᠵᠤ ᠪᠠᠶᠢᠨ᠎ᠠ᠃ ᠡᠭᠦᠨ ᠦ ᠨᠢᠭᠡ ᠨᠢ UNESCO ᠍ ᠦᠨ ᠢᠪᠡᠭᠡᠯ ᠳᠣᠣᠷ᠎ᠠ ᠵᠣᠬᠢᠶᠠᠨ ᠪᠠᠶᠢᠭᠤᠯᠤᠭᠳᠠᠭᠰᠠᠨ IUCDC ᠪᠤᠶᠤ ᠣᠯᠠᠨ ᠤᠯᠤᠰ ᠤᠨ ᠨᠢᠭᠡᠳᠦᠭᠰᠡᠨ ᠴᠠᠬᠢᠮ ᠪᠦᠵᠢᠭ ᠦᠨ ᠤᠷᠤᠯᠳᠤᠭᠠᠨ ᠪᠠᠶᠢᠯ᠎ᠠ᠃ ᠨᠡᠶᠢᠲᠡ 16 ᠣᠷᠣᠨ ᠤ 1000 ᠭᠠᠷᠤᠢ ᠤᠷᠠᠨ ᠪᠦᠲᠦᠭᠡᠯᠴᠢ ᠣᠷᠣᠯᠴᠠᠭᠰᠠᠨ᠂ ᠣᠯᠠᠨ ᠤᠯᠤᠰ ᠤᠨ ᠨᠢᠭᠡᠳᠦᠭᠰᠡᠨ ᠴᠠᠬᠢᠮ ᠪᠦᠵᠢᠭ ᠦᠨ ᠤᠷᠤᠯᠳᠤᠭᠠᠨ ᠳᠤ ᠮᠣᠩᠭᠣᠯ ᠤᠨ ᠪᠦᠵᠢᠭᠴᠢᠳ ᠮᠠᠰᠢ ᠠᠮᠵᠢᠯᠲᠠᠲᠠᠢ ᠣᠷᠣᠯᠴᠠᠭᠰᠠᠨ ᠪᠥᠭᠡᠳ ᠡᠨᠡ ᠠᠯᠲᠠᠨ ᠪᠣᠯᠤᠮᠵᠢ ᠶᠢ︽ᠮᠣᠩᠭᠣᠯ ᠤᠨ ᠪᠠᠯᠧᠲ ᠤᠨ ᠬᠥᠭᠵᠢᠯ ᠰᠠᠩ︾ ᠦᠨ ᠬᠠᠮᠲᠤ ᠣᠯᠠᠨ ᠮᠣᠩᠭᠣᠯ ᠣᠷᠣᠨ ᠤ ᠪᠠᠨ ᠥᠨᠴᠥᠭ ᠪᠤᠯᠤᠨ ᠪᠦᠷᠢ ᠳᠦ ᠪᠠᠶᠢᠭ᠎ᠠ ᠪᠦᠵᠢᠭᠴᠢᠳ ᠲᠦ ᠣᠯᠭᠤᠭᠰᠠᠨ ᠶᠤᠮ᠃
IUCDC ᠣᠯᠠᠨ ᠤᠯᠤᠰ ᠤᠨ ᠪᠦᠵᠢᠭ ᠦᠨ ᠤᠷᠤᠯᠳᠤᠭᠠᠨ ᠤ ᠮᠡᠳᠡᠭᠡᠯᠡᠯ ᠢ ᠬᠦᠷᠭᠡᠬᠦ᠂ ᠪᠥᠷᠢᠳᠬᠡᠭᠦᠯᠬᠦ ᠡᠴᠡ ᠠᠪᠬᠠᠭᠤᠯᠤᠭᠠᠳ ᠪᠦᠬᠦ ᠦᠢᠯᠡ ᠠᠵᠢᠯᠯᠠᠭ᠎ᠠ ᠶᠢ ᠲᠤᠰ ᠰᠠᠩ ᠤᠨ ᠬᠢᠨ ᠵᠣᠬᠢᠶᠠᠨ ᠪᠠᠶᠢᠭᠤᠯᠵᠤ᠂ ᠪᠦᠵᠢᠭᠴᠢᠳ ᠲᠦ ᠴᠠᠬᠢᠮ ᠤᠷᠤᠯᠳᠤᠭᠠᠨ ᠳᠤ ᠤᠷᠤᠯᠴᠠᠬᠤ ᠲᠠᠭᠠᠲᠠᠢ ᠨᠥᠬᠥᠴᠡᠯ ᠢ ᠪᠦᠷᠢᠳᠦᠭᠦᠯᠵᠦ ᠥᠭᠭᠦᠭᠰᠡᠨ ᠨᠢ ᠲᠠᠬᠤᠯ ᠤᠨ ᠦᠶ᠎ᠡ ᠳᠦ ᠪᠦᠵᠢᠭ ᠦᠨ ᠤᠷᠠᠯᠢᠭ ᠤᠨ ᠰᠠᠯᠪᠤᠷᠢ ᠶᠢ ᠰᠡᠷᠭᠦᠭᠡᠭᠰᠡᠨ ᠮᠠᠰᠢ ᠴᠢᠬᠤᠯᠠ᠂ ᠣᠨᠴᠠᠯᠢᠭ ᠦᠢᠯᠡ ᠶᠠᠪᠤᠳᠠᠯ ᠪᠠᠶᠢᠯ᠎ᠠ᠃
ᠬᠣᠶᠠᠷ ᠰᠠᠷ᠎ᠠ ᠶᠢᠨ ᠲᠤᠷᠰᠢ ᠦᠷᠭᠦᠯᠵᠢᠯᠡᠭᠰᠡᠨ ᠣᠯᠠᠨ ᠤᠯᠤᠰ ᠤᠨ ᠨᠢᠭᠡᠳᠦᠭᠰᠡᠨ ᠴᠠᠬᠢᠮ ᠪᠦᠵᠢᠭ ᠦᠨ ᠤᠷᠤᠯᠳᠤᠭᠠᠨ ᠬᠣᠶᠠᠳᠤᠭᠠᠷ ᠰᠠᠷ᠎ᠠ ᠶᠢᠨ 12 ᠍ ᠳᠦ ᠳ᠋ᠦᠩ ᠢᠶᠡᠨ ᠭᠠᠷᠭᠠᠬᠤ ᠳᠤ ᠮᠣᠩᠭᠣᠯ ᠣᠷᠣᠨ ᠤ ᠠᠪᠢᠶᠠᠰᠯᠢᠭ ᠵᠠᠯᠠᠭᠤᠰ ᠮᠠᠨᠢ ᠳᠡᠯᠡᠬᠡᠢ ᠶᠢᠨ ᠰᠢᠯᠢᠳᠡᠭ ᠪᠦᠵᠢᠭᠴᠢᠳ ᠲᠡᠢ ᠭᠠᠶᠢᠬᠠᠯᠲᠠᠢ ᠦᠷᠢᠰᠦᠯᠳᠦᠵᠦ᠂ ᠠᠷᠠᠳ ᠤᠨ᠂ ᠰᠣᠩᠭᠣᠳᠠᠭ ᠪᠣᠯᠤᠨ ᠣᠷᠴᠢᠨ ᠦᠶ᠎ᠡ ᠶᠢᠨ ᠪᠦᠵᠢᠭ ᠦᠨ ᠲᠥᠷᠥᠯ ᠳᠦ 4 ᠠᠯᠲᠠ᠂ 4 ᠮᠥᠩᠭᠥ᠂ 2 ᠬᠦᠷᠡᠯ ᠮᠧᠳᠠᠯ᠂ ᠲᠤᠰᠬᠠᠢ ᠪᠠᠶᠢᠷᠢ ᠶᠢᠨ ᠱᠠᠩᠨᠠᠯ ᠢ ᠲᠤᠰ ᠲᠤᠰ ᠬᠦᠷᠲᠡᠭᠡᠳ ᠪᠠᠶᠢᠨ᠎ᠠ᠃

ᠰᠡᠳᠬᠢᠭᠳᠡᠯ ᠦᠯᠡᠳᠡᠭᠡᠬᠦ