ᠡ᠊ ∙ ᠤᠶᠤᠨᠪᠤᠯᠤᠳ᠂ ᠣ᠊ ∙ᠬᠠᠩᠭᠠᠢ ᠨᠠᠷ ᠪᠣᠭᠣᠴᠠᠭ᠎ᠠ ᠲᠠᠢ ᠪᠠᠷᠢᠯᠳᠤᠬᠤ ᠪᠠᠷ ᠪᠣᠯᠵᠠᠢ  | News.MN

ᠡ᠊ ∙ ᠤᠶᠤᠨᠪᠤᠯᠤᠳ᠂ ᠣ᠊ ∙ᠬᠠᠩᠭᠠᠢ ᠨᠠᠷ ᠪᠣᠭᠣᠴᠠᠭ᠎ᠠ ᠲᠠᠢ ᠪᠠᠷᠢᠯᠳᠤᠬᠤ ᠪᠠᠷ ᠪᠣᠯᠵᠠᠢ 

ᠤᠯᠤᠰ ᠤᠨ ᠠᠪᠤᠷᠭᠤ ᠡ᠊ ∙ᠤᠶᠤᠨᠪᠤᠯᠤᠳ᠂ ᠤᠯᠤᠰ ᠤᠨ ᠵᠠᠭᠠᠨ ᠮ ∙ ᠪᠠᠳᠢᠷᠴᠢ᠂ ᠤᠯᠤᠰ ᠤᠨ ᠬᠠᠷᠴᠠᠭᠠᠢ ᠣ᠊ ∙ ᠬᠠᠩᠭᠠᠢ᠂ ᠳ ∙ ᠠᠨᠠᠷ ᠨᠠᠷ 15 ᠰᠠᠶ᠎ᠠ ᠲᠥᠭᠥᠷᠢᠭ ᠦᠨ ᠪᠣᠭᠣᠴᠠᠭ᠎ᠠ ᠲᠠᠢ ᠲᠣᠭᠣᠷᠢᠭ ᠢᠶᠠᠷ ᠪᠠᠷᠢᠯᠳᠤᠬᠤ ᠪᠠᠷ ᠪᠣᠯᠵᠠᠢ᠃ ᠡᠨᠡ ᠲᠠᠯ᠎ᠠ ᠪᠠᠷ ᠪᠤᠭᠤᠴᠠᠭᠠᠲᠤ ᠪᠠᠷᠢᠯᠳᠤᠭᠠᠨ ᠢ ᠵᠣᠬᠢᠶᠠᠨ ᠪᠠᠶᠢᠭᠤᠯᠤᠭᠴᠢ ᠰ ∙ᠵᠢᠷᠭᠠᠯ ergelt.mn  ᠰᠠᠢᠲ ᠲᠤ ᠶᠠᠷᠢᠬᠤ ᠳᠤ ᠪᠠᠨ ᠄ ᠪᠤᠭᠤᠴᠠᠭᠠᠲᠤ ᠪᠠᠷᠢᠯᠳᠤᠭᠠᠨ ᠢ ᠬᠡᠵᠢᠶ᠎ᠡ ᠪᠠᠶᠢᠭᠤᠯᠬᠤ ᠡᠰᠡᠬᠦ ᠶᠢ ᠡᠨᠡ ᠰᠠᠷ᠎ᠠ ᠶᠢᠨ 23 ᠍ ᠢ ᠬᠦᠯᠢᠶᠡᠵᠦ ᠪᠠᠶᠢᠵᠤ ᠰᠢᠢᠳᠦᠨ᠎ᠡ᠃ ᠶᠠᠮᠠᠷ ᠲᠠᠢ ᠴᠤ ᠢᠷᠡᠬᠦ ᠭᠤᠷᠪᠠᠳᠤᠭᠠᠷ ᠰᠠᠷ᠎ᠠ ᠶᠢᠨ ᠡᠬᠢᠨ ᠳᠦ ᠵᠣᠬᠢᠶᠠᠨ ᠪᠠᠶᠢᠭᠤᠯᠬᠤ ᠪᠣᠳᠣᠯ ᠲᠠᠢ ᠪᠠᠶᠢᠭ᠎ᠠ᠃ ᠠᠩᠬ᠎ᠠ ᠡ᠊ ∙ ᠤᠶᠤᠨᠪᠤᠯᠤᠳ᠂ ᠮ ∙ ᠪᠠᠳᠢᠷᠴᠢ ᠬᠣᠶᠠᠷ ᠤᠨ ᠳᠤᠮᠳᠠ ᠬᠠᠯᠵᠠ ᠪᠠᠷᠢᠯᠳᠤᠭᠠᠨ ᠬᠢᠶ᠎ᠡ ᠭᠡᠵᠦ ᠶᠠᠷᠢᠭᠰᠠᠨ ᠶᠤᠮ᠃ ᠲᠡᠭᠡᠲᠡᠯ᠎ᠡ ᠣ᠊ ∙ ᠬᠠᠩᠭᠠᠢ᠂ ᠳ ∙ ᠠᠨᠠᠷ ᠨᠠᠷ ᠪᠠᠷᠢᠯᠳᠤᠬᠤ ᠰᠠᠨᠠᠯ ᠲᠠᠯᠪᠢᠭᠰᠠᠨ᠃ ᠲᠡᠭᠦᠨ ᠡᠴᠡ ᠬᠣᠶᠢᠰᠢ ᠤᠯᠤᠰ ᠤᠨ ᠴᠣᠯᠠ ᠲᠠᠢ ᠣᠯᠠᠨ ᠪᠥᠬᠡᠴᠦᠳ ᠬᠣᠯᠪᠣᠭᠳᠠᠵᠤ᠂ ᠬᠠᠯᠵᠠ ᠪᠠᠷᠢᠯᠳᠤᠭᠠᠨ ᠳᠤ ᠣᠷᠣᠯᠴᠠᠶ᠎ᠠ ᠭᠡᠰᠡᠨ᠃
ᠬᠠᠷᠢᠨ ᠪᠢᠳᠡ ᠶᠠᠷᠢᠯᠴᠠᠭᠠᠳ ᠳᠡᠭᠡᠷᠡᠬᠢ ᠳᠥᠷᠪᠡᠨ ᠪᠥᠬᠡ ᠶᠢᠨ ᠳᠤᠮᠳᠠ ᠬᠠᠯᠵᠠ ᠪᠠᠷᠢᠯᠳᠤᠭᠠᠨ ᠬᠢᠬᠦ ᠪᠡᠷ ᠪᠣᠯᠤᠭᠰᠠᠨ᠃ ᠡᠨᠡ ᠳᠥᠷᠪᠡ ᠮᠠᠨᠢ ᠵᠢᠦ᠋ᠳᠣ᠋᠂  ᠦᠨᠳᠦᠰᠦᠨ᠂ ᠦᠪᠦᠷ ᠮᠣᠩᠭᠣᠯ ᠭᠡᠰᠡᠨ ᠭᠤᠷᠪᠠᠨ ᠲᠥᠷᠥᠯ ᠢᠶᠡᠷ 15 ᠰᠠᠶ᠎ᠠ ᠲᠥᠭᠥᠷᠢᠭ ᠦᠨ ᠪᠣᠭᠣᠴᠠᠭ᠎ᠠ ᠲᠠᠢ᠂ ᠲᠣᠭᠣᠷᠢᠭ ᠢᠶᠠᠷ ᠪᠠᠷᠢᠯᠳᠤᠨ᠎ᠠ᠃ ᠢᠯᠠᠭᠰᠠᠨ ᠪᠥᠬᠡ ᠨᠢ ᠤᠭ ᠪᠠᠷᠢᠯᠳᠤᠭᠠᠨ ᠠᠴᠠ ᠣᠯᠤᠭᠰᠠᠨ ᠠᠰᠢᠭ ᠢᠶᠠᠨ ᠨᠡᠩ ᠶᠠᠳᠠᠭᠤ ᠠᠶᠢᠯ ᠳᠤ ᠮᠣᠩᠭᠣᠯ ᠭᠡᠷ ᠠᠪᠴᠤ ᠥᠭᠬᠦ᠂ ᠬᠦᠨᠡᠰᠦ ᠪᠡᠷ ᠲᠤᠰᠠᠯᠠᠬᠤ ᠵᠡᠷᠭᠡ ᠪᠡᠷ ᠰᠠᠶᠢᠨ ᠦᠢᠯᠡᠰ ᠲᠦ ᠵᠣᠷᠢᠭᠤᠯᠬᠤ ᠪᠠᠷ ᠪᠣᠯᠤᠭᠰᠠᠨ ᠭᠡᠵᠦ ᠮᠡᠳᠡᠭᠡᠯᠡᠵᠡᠢ᠃

ᠰᠡᠳᠬᠢᠭᠳᠡᠯ ᠦᠯᠡᠳᠡᠭᠡᠬᠦ