ᠨ ∙ ᠲᠡᠭᠦᠰᠦᠴᠣᠭᠲᠤ ᠶᠢᠨ ᠴᠢᠨᠰᠠᠭ᠎ᠠ 8 ᠳ᠋ᠤᠭᠠᠷ ᠲᠤ ᠡᠷᠡᠮᠪᠡᠯᠡᠭᠳᠡᠵᠡᠢ | News.MN

ᠨ ∙ ᠲᠡᠭᠦᠰᠦᠴᠣᠭᠲᠤ ᠶᠢᠨ ᠴᠢᠨᠰᠠᠭ᠎ᠠ 8 ᠳ᠋ᠤᠭᠠᠷ ᠲᠤ ᠡᠷᠡᠮᠪᠡᠯᠡᠭᠳᠡᠵᠡᠢ

ᠮᠡᠷᠭᠡᠵᠢᠯ ᠦᠨ ᠪᠣᠺᠰ ᠤᠨ vRINGe ᠰᠡᠳᠬᠦᠯ ᠦᠨ ᠬᠢᠨ ᠲᠠᠮᠢᠷᠴᠢᠳ ᠤᠨ ᠴᠢᠨᠰᠠᠭ᠎ᠠ  ᠪᠠᠨ ᠰᠢᠨᠡᠴᠢᠯᠡᠨ ᠭᠠᠷᠭᠠᠭᠰᠠᠨ ᠪᠥᠭᠡᠳ ᠡᠨᠡ ᠰᠠᠷ᠎ᠠ ᠳᠤ ᠪᠣᠯᠤᠭᠰᠠᠨ ᠲᠡᠮᠡᠴᠡᠭᠡᠨ ᠦ ᠳ᠋ᠦᠩ ᠡᠴᠡ ᠰᠢᠯᠲᠠᠭᠠᠯᠠᠨ᠂ ᠬᠥᠩᠭᠡᠨ᠂ ᠳᠤᠮᠳᠠ ᠵᠢᠩ ᠳᠦ ᠴᠢᠨᠰᠠᠭ᠎ᠠ ᠥᠭᠡᠷᠡᠴᠢᠯᠡᠭᠳᠡᠵᠡᠢ᠃ ᠮᠣᠩᠭᠣᠯ ᠤᠨ ᠮᠡᠷᠭᠡᠵᠢᠯ ᠦᠨ ᠪᠣᠺᠰᠴᠢᠨ ᠨ ∙ ᠲᠡᠭᠦᠰᠴᠤᠭᠲᠤ ᠲᠤᠰ ᠰᠡᠳᠬᠦᠯ ᠦᠨ ᠴᠢᠨᠰᠠᠭᠠᠨ ᠤ 7 ᠍ ᠠᠴᠠ ᠪᠠᠭᠤᠵᠤ 8 ᠳ᠋ᠤᠭᠠᠷ ᠲᠤ ᠡᠷᠡᠮᠪᠡᠯᠡᠭᠳᠡᠭᠰᠡᠨ ᠪᠣᠯ ᠬᠢᠲᠠᠳ ᠤᠨ ᠲᠠᠮᠢᠷᠴᠢᠨ ᠰᠢᠦ ᠴᠢ ᠬᠠᠨ 5 ᠍ ᠠᠴᠠ  ᠳᠦᠷᠪᠡᠳᠦᠭᠡᠷ ᠪᠠᠶᠢᠷᠢᠨ ᠳᠤ ᠳᠡᠪᠰᠢᠵᠦ᠂ ᠶᠡᠬᠡ  ᠪᠷᠢᠲ᠋ᠠᠨ ᠤ ᠺᠣᠨᠯᠠᠨ 9 ᠍ ᠡᠴᠡ ᠪᠠᠭᠤᠵᠤ 10 ᠳ᠋ᠤᠭᠠᠷ ᠲᠤ ᠡᠷᠡᠮᠪᠡᠯᠡᠭᠳᠡᠵᠡᠢ᠃
ᠨ∙ᠲᠡᠭᠦᠰᠦᠴᠣᠭᠲᠤ  ᠥᠩᠭᠡᠷᠡᠭᠰᠡᠨ ᠣᠨ ᠤ ᠶᠢᠰᠦᠳᠦᠭᠡᠷ ᠰᠠᠷ᠎ᠠ ᠳᠤ ᠳᠡᠯᠡᠬᠡᠢ ᠶᠢᠨ ᠷᠢᠩ ᠳᠡᠭᠡᠷᠡᠬᠢ ᠵᠠᠮᠨᠠᠯ ᠤᠨ 13  ᠳ᠋ᠡᠬᠢ ᠲᠤᠯᠤᠭᠠᠨ ᠢᠶᠠᠨ ᠬᠢᠵᠦ ᠢᠯᠠᠯᠲᠠ ᠪᠠᠶᠢᠭᠤᠯᠤᠨ᠂ WBC ᠬᠣᠯᠪᠣᠭᠠᠨ ᠤ ᠠᠪᠤᠷᠭᠤ ᠶᠢᠨ ᠪᠥᠰᠡ ᠶᠢᠨ ᠲᠥᠯᠥᠭᠡ ᠭᠠᠷᠢ ᠷᠠᠰᠰᠧᠯ ᠲᠠᠢ ᠳᠠᠬᠢᠨ ᠬᠦᠴᠦ ᠦᠵᠡᠬᠦ ᠡᠷᠬᠡ ᠲᠡᠢ ᠪᠣᠯᠤᠭᠰᠠᠨ ᠶᠤᠮ᠃

ᠰᠡᠳᠬᠢᠭᠳᠡᠯ ᠦᠯᠡᠳᠡᠭᠡᠬᠦ