ᠰᠢᠲᠠᠷ᠎ᠠ ᠶᠢᠨ ᠳᠡᠯᠡᠬᠡᠢ ᠶᠢᠨ ᠲᠡᠮᠡᠴᠡᠭᠡᠨ ᠳᠦ ᠲᠥᠷᠥ ᠶᠢᠨ ᠪᠠᠩᠬᠢᠨ ᠤ ᠪᠠᠭ ᠥᠷᠢᠰᠦᠯᠳᠦᠨ᠎ᠡ  | News.MN

ᠰᠢᠲᠠᠷ᠎ᠠ ᠶᠢᠨ ᠳᠡᠯᠡᠬᠡᠢ ᠶᠢᠨ ᠲᠡᠮᠡᠴᠡᠭᠡᠨ ᠳᠦ ᠲᠥᠷᠥ ᠶᠢᠨ ᠪᠠᠩᠬᠢᠨ ᠤ ᠪᠠᠭ ᠥᠷᠢᠰᠦᠯᠳᠦᠨ᠎ᠡ 

 

ᠰᠢᠲᠠᠷ᠎ᠠ ᠶᠢᠨ ᠰᠫᠣᠷᠲ ᠢ ᠳᠡᠮᠵᠢᠭᠴᠢ ᠲᠥᠷᠥ ᠶᠢᠨ ᠪᠠᠩᠬᠢᠨ ᠤ ᠰᠢᠭᠰᠢᠭᠡ ᠪᠠᠭ ᠺᠤᠷᠫᠤᠷᠠᠼ ᠤᠳ  ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠣᠷᠣᠯᠴᠠᠬᠤ ᠪᠠᠷ ᠪᠣᠯᠵᠠᠢ᠃ ᠡᠨᠡ ᠰᠠᠷ᠎ᠠ ᠶᠢᠨ 19-21 ᠍ ᠳᠦ ᠵᠣᠬᠢᠶᠠᠨ ᠪᠠᠶᠢᠭᠤᠯᠤᠭᠳᠠᠬᠤ ᠺᠤᠷᠫᠤᠷᠠᠼ ᠤᠳ  ᠤᠨ ᠰᠢᠲᠠᠷ᠎ᠠ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠠᠩᠬᠠᠳᠤᠭᠠᠷ ᠤᠨᠯᠠᠢᠨ ᠲᠡᠮᠡᠴᠡᠭᠡᠨ ᠳᠦ ᠳᠡᠯᠡᠬᠡᠢ ᠶᠢᠨ 78 ᠤᠯᠤᠰ ᠤᠨ 282 ᠪᠠᠭ ᠤᠨ 30 ᠭᠠᠷᠤᠢ ᠶᠡᠬᠡ ᠮᠠᠰᠲ᠋ᠸᠷ ᠲᠡᠷᠢᠭᠦᠲᠡᠢ 1467 ᠰᠢᠲᠠᠷᠠᠴᠢᠨ ᠣᠷᠣᠯᠴᠠᠬᠤ ᠪᠠᠷ ᠪᠥᠷᠢᠳᠬᠡᠭᠦᠯᠦᠭᠡᠳ ᠪᠠᠶᠢᠨ᠎ᠠ᠃
ᠬᠠᠷᠢᠨ ᠮᠣᠩᠭᠣᠯ ᠤᠯᠤᠰ ᠠᠴᠠ ᠤᠷᠤᠯᠴᠠᠬᠤ ᠲᠥᠷᠥ ᠶᠢᠨ ᠪᠠᠩᠬᠢᠨ ᠤ ᠰᠢᠭᠰᠢᠭᠡ ᠪᠠᠭ ᠤᠨ ᠪᠦᠷᠢᠯᠳᠦᠬᠦᠨ ᠳᠦ ᠪᠠᠭ ᠤᠨ ᠠᠬᠠᠯᠠᠭᠴᠢ ᠢ᠊∙ᠤᠳᠬᠤᠨᠪᠠᠲᠣ ᠪᠣᠯᠤᠨ ᠶᠡᠬᠡ ᠮᠠᠰᠲ᠋ᠸᠷ ᠼ᠂ ᠪᠠᠲᠤᠴᠢᠯᠠᠭᠤᠨ᠂ ᠳᠡᠯᠡᠬᠡᠢ ᠶᠢᠨ ᠰᠢᠲᠠᠷ᠎ᠠ ᠶᠢᠨ ᠬᠣᠯᠪᠣᠭᠠᠨ ᠤ ᠮᠠᠰᠲ᠋ᠸᠷ ᠳ∙ᠮᠦᠩᠬᠡᠵᠤᠯᠠ᠂ ᠵ∙ᠴᠤᠭᠵᠤᠯᠪᠤᠭ᠎ᠠ᠂ ᠯ∙ ᠭᠠᠩᠫᠦ᠋ᠷᠪᠦ᠂ ᠰ ∙ ᠰᠣᠳᠣᠭᠡᠷᠡᠯ ᠨᠠᠷ ᠪᠠᠭᠲᠠᠵᠠᠢ᠃

ᠰᠡᠳᠬᠢᠭᠳᠡᠯ ᠦᠯᠡᠳᠡᠭᠡᠬᠦ