ᠠᠶᠢᠮᠠᠭ ᠤᠨ ᠳᠠᠷᠤᠭ᠎ᠠ ᠲᠡᠦᠬᠡ ᠶᠢᠨ ᠬᠢᠴᠢᠶᠡᠯ  ᠵᠢᠭᠠᠯ᠎ᠠ  | News.MN

ᠠᠶᠢᠮᠠᠭ ᠤᠨ ᠳᠠᠷᠤᠭ᠎ᠠ ᠲᠡᠦᠬᠡ ᠶᠢᠨ ᠬᠢᠴᠢᠶᠡᠯ  ᠵᠢᠭᠠᠯ᠎ᠠ 

︽ᠠᠶᠢᠮᠠᠭ ᠤᠨ ᠬᠦᠨᠳᠦᠳᠬᠡᠯ ᠦᠨ ᠡᠳᠦᠷ︾ᠪᠤᠶᠤ 2 ᠳ᠋ᠤᠭᠠᠷ ᠰᠠᠷ᠎ᠠ ᠶᠢᠨ 18 ᠍ ᠳᠦ︽ᠮᠢᠨᠦ ᠥᠪᠦᠷᠬᠠᠩᠭᠠᠢ︾ ᠲᠡᠦᠬᠡ ᠶᠢᠨ ᠬᠢᠴᠢᠶᠡᠯ ᠢ ᠠᠶᠢᠮᠠᠭ ᠤᠨ ᠵᠠᠰᠠᠭ ᠳᠠᠷᠤᠭ᠎ᠠ ᠠ᠊ ∙ ᠢᠰᠢᠳᠣᠷᠵᠢ ᠴᠠᠬᠢᠮ ᠢᠶᠠᠷ ᠵᠢᠭᠠᠯ᠎ᠠ᠃
ᠥᠪᠦᠷᠬᠠᠩᠭᠠᠢ ᠠᠶᠢᠮᠠᠭ ᠡᠭᠦᠰᠴᠦ ᠪᠠᠢᠭᠤᠯᠤᠭᠳᠠᠭᠰᠠᠨ ᠤ ᠲᠡᠦᠬᠡᠲᠦ 90 ᠵᠢᠯ ᠦᠨ ᠣᠢ ᠶᠢ ᠲᠣᠬᠢᠶᠠᠯᠳᠤᠭᠤᠯᠤᠨ ᠣᠯᠠᠨ ᠪᠦᠲᠦᠭᠡᠯᠴᠢ ᠠᠵᠢᠯ ᠬᠢᠬᠦ ᠪᠡᠷ ᠲᠥᠯᠥᠪᠯᠡᠭᠰᠡᠨ ᠦ ᠨᠢᠭᠡ ᠨᠢ ︽ᠮᠢᠨᠦ ᠥᠪᠦᠷᠬᠠᠩᠭᠠᠢ︾ ᠬᠢᠴᠢᠶᠡᠯ ᠢ ᠰᠤᠷᠭᠠᠯᠲᠠ ᠶᠢᠨ ᠬᠥᠲᠥᠯᠪᠦᠷᠢ ᠳᠦ ᠣᠷᠣᠭᠤᠯᠵᠤ᠂ ᠠᠶᠢᠮᠠᠭ ᠤᠨ ᠢᠶᠠᠨ ᠲᠡᠦᠬᠡᠨ ᠬᠥᠭᠵᠢᠯ᠂ ᠥᠪ ᠰᠤᠶᠤᠯ᠂ ᠦᠵᠡᠰᠬᠦᠯᠡᠩᠲᠦ ᠪᠠᠶᠢᠭᠠᠯᠢ᠂  ᠪᠠᠬᠠᠷᠬᠠᠯᠲᠤ ᠬᠦᠮᠦᠰ ᠢ ᠢᠷᠡᠭᠡᠳᠦᠢ ᠬᠣᠶᠢᠴᠢ ᠦᠶ᠎ᠡ᠂ ᠬᠡᠦᠬᠡᠳ ᠪᠠᠭᠠᠴᠤᠳ ᠲᠤ ᠪᠠᠨ ᠰᠤᠷᠲᠠᠯᠴᠢᠯᠠᠨ ᠲᠠᠨᠢᠭᠤᠯᠬᠤ᠂ ᠮᠡᠳᠡᠯᠭᠡ ᠶᠢ ᠨᠡᠮᠡᠬᠦ ᠶᠠᠪᠤᠳᠠᠯ ᠶᠤᠮ ᠬᠡᠮᠡᠨ ᠲᠡᠷᠡᠪᠡᠷ ᠬᠢᠴᠢᠶᠡᠯ ᠦᠨ ᠢᠶᠡᠨ ᠡᠬᠢᠨ ᠳᠦ ᠣᠨᠴᠠᠯᠠᠯ᠎ᠠ᠃
ᠪᠦᠭᠦᠳᠡ ᠨᠠᠢᠷᠠᠮᠳᠠᠬᠤ ᠮᠤᠩᠭᠤᠯ ᠠᠷᠠᠳ ᠤᠯᠤᠰ ᠤᠨ ᠪᠠᠭ᠎ᠠ ᠬᠤᠷᠠᠯ ᠤᠨ ᠲᠡᠷᠢᠭᠦᠯᠡᠭᠴᠢᠳ ᠦᠨ 1931 ᠣᠨ ᠤ ᠬᠤᠶᠠᠳᠤᠭᠠᠷ ᠰᠠᠷ᠎ᠠ ᠶᠢᠨ 18 ᠍ ᠤ ᠡᠳᠦᠷ ᠦᠨ 07 ᠳ᠋ᠤᠭᠠᠷ ᠲᠣᠭᠲᠠᠭᠠᠯ ᠢᠶᠠᠷ ᠥᠪᠦᠷᠬᠠᠩᠭᠠᠢ ᠠᠶᠢᠮᠠᠭ ᠢ ᠠᠩᠬ᠎ᠠ ᠡᠭᠦᠰᠬᠡᠨ ᠪᠠᠶᠢᠭᠤᠯᠤᠭᠰᠠᠨ ᠪᠥᠭᠡᠳ ᠲᠤᠬᠠᠢ ᠶᠢᠨ ᠦᠶ᠎ᠡ ᠶᠢᠨ ᠴᠡᠴᠡᠷᠯᠢᠭᠮᠠᠨᠳᠠᠯ ᠠᠭᠤᠯᠠ ᠶᠢᠨ ᠠᠶᠢᠮᠠᠭ ᠤᠨ ᠭᠣᠣᠯ ᠬᠤᠰᠢᠭᠤᠳ ᠪᠤᠶᠤ ᠣᠳᠣ ᠶᠢᠨ ᠥᠪᠦᠷᠬᠠᠩᠭᠠᠢ᠂ ᠪᠠᠶᠠᠨᠬᠣᠩᠭᠣᠷ ᠠᠶᠢᠮᠠᠭ ᠤᠨ ᠨᠤᠲᠤᠭ ᠳᠡᠪᠢᠰᠬᠡᠷ ᠢ ᠬᠠᠮᠤᠷᠤᠭᠰᠠᠨ 31 ᠰᠤᠮᠤ ᠶᠢ ᠨᠢᠭᠡᠳᠬᠡᠵᠦ᠂ ᠪᠠᠶᠠᠨᠬᠣᠩᠭᠣᠷ ᠠᠶᠢᠮᠠᠭ ᠤᠨ ᠲᠦᠢ ᠶᠢᠨ ᠭᠣᠣᠯ ᠤᠨ ᠴᠠᠭᠠᠨ ᠡᠷᠭᠢ ᠳᠦ ᠲᠥᠪᠯᠡᠷᠡᠭᠦᠯᠵᠦ ᠪᠠᠢᠪᠠ᠃
1934 ᠣᠨ ᠳᠤ ᠠᠶᠢᠮᠠᠭ ᠤᠨ ᠲᠥᠪ ᠢ  ᠠᠷᠪᠠᠢᠬᠡᠭᠡᠷ ᠦᠨ ᠬᠣᠰᠢᠭᠤ ᠤᠷᠤᠭᠤ ᠨᠡᠭᠦᠯᠭᠡᠨ ᠰᠢᠯᠵᠢᠭᠦᠯᠵᠦ᠂ ᠠᠷᠤᠬᠠᠩᠭᠠᠢ ᠠᠶᠢᠮᠠᠭ ᠠᠴᠠ ᠣᠳᠣ ᠶᠢᠨ ᠥᠪᠦᠷᠬᠠᠩᠭᠠᠢ ᠠᠶᠢᠮᠠᠭ ᠤᠨ ᠬᠠᠷᠠᠬᠣᠷᠢᠨ᠂ ᠬᠤᠵᠢᠷᠲᠤ᠂ ᠪᠠᠲᠤ-ᠥᠯᠵᠡᠢ᠂ ᠪᠦᠷᠢᠳᠦ᠂ ᠪᠠᠶᠠᠨ-ᠥᠨᠳᠥᠷ᠂ ᠲᠥᠪ ᠠᠶᠢᠮᠠᠭ ᠤᠨ  ᠡᠷᠳᠡᠨᠢᠰᠠᠩᠲᠤ ᠰᠤᠮᠤ ᠶᠢ ᠨᠢᠭᠡᠳᠬᠡᠨ ᠰᠢᠨᠡᠴᠢᠯᠡᠨ ᠵᠣᠬᠢᠶᠠᠨ ᠪᠠᠶᠢᠭᠤᠯᠤᠭᠰᠠᠨ ᠲᠡᠦᠬᠡ ᠲᠡᠢ ᠶᠤᠮ᠃
ᠲᠡᠦᠬᠡ ᠶᠢᠨ ᠬᠢᠴᠢᠶᠡᠯ ᠲᠡᠢ ᠬᠣᠯᠪᠣᠭᠳᠠᠭᠤᠯᠤᠨ ᠬᠡᠦᠬᠡᠳ ᠦᠳ ᠠᠶᠢᠮᠠᠭ ᠤᠨ ᠵᠠᠰᠠᠭ ᠳᠠᠷᠤᠭ᠎ᠠ ᠲᠠᠢ ᠴᠠᠬᠢᠮ ᠢᠶᠠᠷ ᠬᠣᠯᠪᠣᠭᠳᠠᠨ ᠰᠣᠨᠢᠷᠬᠠᠭᠰᠠᠨ ᠠᠰᠠᠭᠤᠯᠲᠠ ᠳᠤ ᠪᠠᠨ ᠬᠠᠷᠢᠭᠤᠯᠲᠠ ᠠᠪᠤᠯ᠎ᠠ᠃

ᠰᠡᠳᠬᠢᠭᠳᠡᠯ ᠦᠯᠡᠳᠡᠭᠡᠬᠦ