︽ᠮᠣᠩᠭᠣᠯ ᠪᠢᠴᠢᠭ ᠦᠨ ᠦᠨᠳᠦᠰᠦᠨ ᠦ ᠬᠥᠲᠦᠯᠪᠦᠷᠢ︾ᠬᠡᠮᠡᠬᠦ ᠦᠯᠢᠭᠡᠷ ᠭᠤᠴᠢᠳᠡᠬᠢ ᠵᠢᠯ ᠳᠦ ᠪᠡᠨ ᠦᠷᠭᠦᠯᠵᠢᠯᠡᠬᠦ ᠦᠦ  | News.MN

︽ᠮᠣᠩᠭᠣᠯ ᠪᠢᠴᠢᠭ ᠦᠨ ᠦᠨᠳᠦᠰᠦᠨ ᠦ ᠬᠥᠲᠦᠯᠪᠦᠷᠢ︾ᠬᠡᠮᠡᠬᠦ ᠦᠯᠢᠭᠡᠷ ᠭᠤᠴᠢᠳᠡᠬᠢ ᠵᠢᠯ ᠳᠦ ᠪᠡᠨ ᠦᠷᠭᠦᠯᠵᠢᠯᠡᠬᠦ ᠦᠦ 

ᠳᠡᠯᠡᠬᠡᠢ ᠶᠢᠨ ᠲᠤᠷᠰᠢᠯᠭ᠎ᠠ ᠠᠴᠠ ᠰᠤᠷᠤᠯᠴᠠᠨ᠎ᠠ ᠬᠡᠮᠡᠨ ᠥᠪᠡᠷᠰᠡᠳ ᠦᠨ ᠬᠢᠷᠢ ᠬᠡᠮᠵᠢᠶ᠎ᠡ ᠶᠢ ᠦᠯᠦ ᠮᠡᠳᠡᠨ ᠪᠤᠰᠤᠳ ᠤᠨ︽ᠲᠣᠭᠣᠭ᠎ᠠ︾ ᠤᠷᠤᠭᠤ ᠥᠩᠭᠡᠶᠢᠭᠰᠡᠭᠡᠷ ᠪᠠᠶᠢᠭᠠᠳ ᠥᠪᠡᠷᠰᠡᠳ ᠢᠶᠡᠨ ᠬᠣᠭᠣᠰᠣᠨ ᠰᠢᠬᠠᠮ ᠦᠯᠡᠳᠡᠵᠦ ᠪᠠᠶᠢᠭ᠎ᠠ ᠤᠯᠤᠰ ᠪᠣᠯ ᠮᠣᠩᠭᠣᠯ᠃ ᠡᠪᠦᠭᠡ ᠳᠡᠭᠡᠳᠦᠰ ᠡᠴᠡ ᠪᠡᠨ ᠤᠯᠠᠮᠵᠢᠯᠠᠨ ᠢᠷᠡᠭᠰᠡᠨ ᠦᠨᠳᠦᠰᠦᠨ ᠦ ᠤᠶᠢᠭᠤᠷᠵᠢᠨ ᠪᠢᠴᠢᠭ ᠢᠶᠡᠨ ᠪᠦᠬᠦ ᠨᠡᠶᠢᠲᠡ ᠶᠢᠨ ᠬᠡᠷᠡᠭᠯᠡᠭᠡ ᠪᠣᠯᠭᠠᠵᠤ ᠠᠮᠵᠢᠭ᠎ᠠ ᠦᠭᠡᠢ ᠠᠲᠠᠯ᠎ᠠ ᠪᠠᠨ ᠳᠡᠯᠡᠬᠡᠢ ᠲᠡᠢ ᠬᠥᠯ ᠨᠡᠶᠢᠯᠡᠭᠦᠯᠦᠨ᠎ᠡ ᠬᠡᠮᠡᠨ ᠪᠠᠭ᠎ᠠ ᠠᠩᠭᠢ ᠠᠴᠠ ᠨᠢ ᠠᠩᠭᠯᠢ ᠬᠡᠯᠡ ᠶᠢ ᠵᠢᠭᠠᠵᠤ ᠡᠬᠢᠯᠡᠭᠰᠡᠨ᠃ ᠡᠴᠦᠰ ᠦᠨ ᠦᠷ᠎ᠡ  ᠳ᠋ᠦᠩ ᠳᠦ ᠭᠠᠳᠠᠭᠠᠳᠤ ᠬᠡᠯᠡ ᠴᠤ ᠦᠭᠡᠢ᠂ ᠦᠨᠳᠦᠰᠦᠨ ᠦ ᠪᠢᠴᠢᠭ ᠢᠶᠡᠨ ᠴᠤ ᠮᠡᠳᠡᠬᠦ ᠦᠭᠡᠢ ᠰᠢᠨ᠎ᠡ ᠦᠶ᠎ᠡ ᠶᠢᠨ ᠬᠢᠨ ᠭᠠᠷᠤᠭᠰᠠᠨ᠃ ᠥᠪᠡᠷ ᠦᠨ ᠲᠣᠭᠣᠭᠠᠨ ᠳ᠋ᠡᠬᠢ ᠬᠣᠭᠣᠯᠠ ᠶᠢ ᠪᠦᠷᠢᠨ ᠭᠦᠢᠴᠡᠳ ᠪᠣᠯᠭᠠᠭ᠎ᠠ ᠦᠭᠡᠢ ᠠᠲᠠᠯ᠎ᠠ ᠪᠠᠨ ᠪᠤᠰᠤᠳ ᠤᠨ ᠲᠣᠭᠣᠭ᠎ᠠ ᠤᠷᠤᠭᠤ ᠥᠩᠭᠡᠯᠵᠡᠭᠰᠡᠭᠡᠷ ᠪᠠᠶᠢᠭᠠᠳ︽ᠬᠣᠭᠣᠯᠠ︾ ᠪᠠᠨ ᠰᠢᠲᠠᠭᠠᠭᠠᠳ ᠥᠪᠡᠷ ᠦᠨ ᠴᠤ ᠦᠭᠡᠢ᠂ ᠥᠷᠥᠭᠡᠯ ᠦᠨ ᠴᠤ ᠦᠭᠡᠢ ᠬᠣᠭᠣᠰᠣᠨ ᠦᠯᠡᠳᠡᠭᠰᠡᠨ ᠦᠯᠢᠭᠡᠷ ᠢᠩᠭᠢᠵᠦ ᠡᠬᠢᠯᠡᠭᠰᠡᠨ ᠶᠤᠮ᠃
ᠥᠨᠥᠳᠥᠷ ᠡᠴᠡ ᠳᠥᠷᠪᠡᠨ ᠵᠢᠯ ᠦᠨ ᠳᠠᠷᠠᠭ᠎ᠠ ᠪᠤᠶᠤ 2025 ᠣᠨ ᠭᠡᠬᠦ ᠳᠦ ᠪᠦᠬᠦ ᠨᠡᠶᠢᠲᠡ ᠪᠡᠷ ᠢᠶᠡᠨ ᠦᠨᠳᠦᠰᠦᠨ ᠦ ᠪᠢᠴᠢᠭ ᠢᠶᠡᠷ ᠢᠶᠡᠨ ᠪᠢᠴᠢᠵᠦ᠂ ᠤᠩᠰᠢᠵᠤ ᠴᠢᠳᠠᠳᠠᠭ ᠪᠣᠯᠤᠨ᠎ᠠ ᠭᠡᠰᠡᠨ ᠤᠷᠢᠶ᠎ᠠ ᠲᠠᠢ︽ᠮᠣᠩᠭᠣᠯ ᠪᠢᠴᠢᠭ ᠦᠨ ᠦᠨᠳᠦᠰᠦᠨ ᠦ ᠬᠥᠲᠥᠯᠪᠦᠷᠢ-3︾ᠳᠡᠭᠡᠷ᠎ᠡ ᠵᠠᠰᠠᠭ ᠤᠨ ᠭᠠᠵᠠᠷ ᠪᠠᠰᠠ ᠨᠢᠭᠡᠨ ᠬᠠᠭᠤᠷᠠᠮᠴᠢ ᠲᠠᠮᠠᠭ᠎ᠠ ᠪᠠᠨ ᠳᠠᠷᠤᠵᠠᠢ᠃ ᠬᠡᠷᠡᠭᠵᠢᠵᠦ ᠡᠬᠢᠯᠡᠬᠦ ᠬᠤᠭᠤᠴᠠᠭ᠎ᠠ ᠨᠢ ᠬᠡᠳᠦᠢᠨ ᠪᠣᠯᠴᠢᠬᠠᠭᠠᠳ ᠪᠠᠶᠢᠬᠤ ᠳᠤ ᠡᠬᠢᠨ ᠦ ᠴᠡᠭ ᠢᠶᠡᠨ ᠴᠤ ᠬᠠᠳᠬᠤᠵᠤ ᠠᠮᠵᠢᠭ᠎ᠠ ᠦᠭᠡᠢ ᠶᠠᠪᠤᠨ᠎ᠠ᠂ ᠪᠣᠯᠪᠠᠰᠤᠷᠠᠯ ᠤᠨ ᠶᠠᠮᠤᠨ ᠨᠢ ᠯᠠᠪ᠃
︽ᠬᠦᠲᠦᠯᠪᠤᠷᠢ ᠶᠢᠨ  ᠳᠤᠮᠳᠠ ᠮᠤᠩᠭᠤᠯ ᠪᠢᠴᠢᠭ ᠦᠨ ᠶᠠᠭ ᠶᠠᠮᠠᠷ ᠲᠦᠪᠰᠢᠨ ᠳᠦ ᠬᠦᠷᠬᠦ ᠨᠢ ᠲᠤᠳᠤᠷᠬᠠᠢ ᠦᠭᠡᠢ︾
ᠢᠷᠡᠬᠦ ᠨᠠᠮᠤᠷ ᠠᠴᠠ ᠶᠡᠬᠡ ᠰᠤᠷᠭᠠᠭᠤᠯᠢ ᠶᠢᠨ ᠤᠶᠤᠲᠠᠳ ᠮᠣᠩᠭᠣᠯ ᠪᠢᠴᠢᠭ ᠦᠨ ᠬᠢᠴᠢᠶᠡᠯ ᠢ ᠵᠠᠪᠠᠯ ᠰᠤᠳᠤᠯᠤᠨ᠎ᠠ ᠬᠡᠮᠡᠨ︽ᠮᠣᠩᠭᠣᠯ ᠪᠢᠴᠢᠭ ᠦᠨ ᠦᠨᠳᠦᠰᠦᠨ ᠦ ᠬᠥᠲᠦᠯᠪᠦᠷᠢ -3︾ ᠳᠦ ᠲᠤᠰᠬᠠᠭᠰᠠᠨ᠃ ᠡᠨᠡ ᠲᠠᠯ᠎ᠠ ᠪᠠᠷ ᠪᠤᠯᠪᠠᠰᠤᠷᠠᠯ ᠰᠢᠨᠵᠢᠯᠡᠬᠦ ᠤᠬᠠᠭᠠᠨ ᠤ ᠶᠠᠮᠤᠨ ᠍ ᠤ ᠪᠠᠭ᠎ᠠ ᠳᠤᠮᠳᠠᠳᠤ ᠪᠣᠯᠪᠠᠰᠤᠷᠠᠯ ᠤᠨ ᠭᠠᠵᠠᠷ ᠤᠨ ᠳᠠᠷᠤᠭ᠎ᠠ ᠲ∙ᠨᠢᠮᠠᠸ᠋ᠴᠢᠷ ᠮᠠᠨ ᠤ ᠰᠣᠨᠢᠨ ᠳᠤ ᠥᠭᠭᠦᠭᠰᠡᠨ ᠶᠠᠷᠢᠯᠴᠠᠯᠭᠠᠨ ᠳᠤ ᠪᠠᠨ ᠄ ᠡᠨᠡ ᠨᠠᠮᠤᠷ ᠠᠴᠠ ᠶᠡᠬᠡ ᠳᠡᠭᠡᠳᠦ ᠰᠤᠷᠭᠠᠭᠤᠯᠢ᠂ ᠺᠣᠯᠯᠧᠵᠢ᠂ ᠮᠡᠷᠭᠡᠵᠢᠯ ᠦᠨ ᠰᠤᠷᠭᠠᠯᠲᠠ ᠦᠢᠯᠡᠳᠪᠦᠷᠢᠯᠡᠯ ᠦᠨ ᠲᠥᠪ ᠲᠦ ᠮᠣᠩᠭᠣᠯ ᠪᠢᠴᠢᠭ ᠦᠨ ᠬᠢᠴᠢᠶᠡᠯ ᠢ ᠵᠠᠪᠠᠯ ᠰᠤᠳᠤᠯᠬᠤ ᠬᠥᠲᠦᠯᠪᠦᠷᠢ ᠪᠠᠲᠤᠯᠠᠭᠳᠠᠭᠰᠠᠨ᠃ ᠲᠡᠶᠢᠮᠦ ᠡᠴᠡ ᠶᠡᠬᠡ ᠳᠡᠭᠡᠳᠦ ᠰᠤᠷᠭᠠᠭᠤᠯᠢ ᠨᠤᠭᠤᠳ ᠮᠣᠩᠭᠣᠯ ᠪᠢᠴᠢᠭ ᠦᠨ ᠬᠢᠴᠢᠶᠡᠯ ᠢ ᠵᠠᠪᠠᠯ ᠰᠤᠳᠤᠯᠬᠤ ᠪᠡᠯᠡᠳᠬᠡᠯ ᠠᠵᠢᠯ ᠢᠶᠠᠨ ᠡᠷᠲᠡᠨ ᠡᠴᠡ ᠬᠠᠩᠭᠠᠵᠤ᠂ ᠬᠦᠮᠦᠨ ᠦ ᠨᠥᠭᠡᠴᠡ ᠪᠡᠨ ᠲᠥᠯᠥᠪᠯᠡᠵᠦ ᠪᠠᠶᠢᠬᠤ ᠨᠢ ᠴᠢᠬᠤᠯᠠ ᠬᠡᠮᠡᠨ ᠶᠠᠷᠢᠭᠰᠠᠨ ᠪᠢᠯᠡ᠃ ᠭᠡᠪᠡᠴᠦ ᠰᠢᠨ᠎ᠡ ᠬᠢᠴᠢᠶᠡᠯ ᠦᠨ ᠵᠢᠯ ᠬᠡᠳᠦᠬᠡᠨ ᠰᠠᠷ᠎ᠠ ᠶᠢᠨ ᠳᠠᠷᠠᠭ᠎ᠠ ᠡᠬᠢᠯᠡᠬᠦ ᠭᠡᠵᠦ ᠪᠠᠶᠢᠲᠠᠯ᠎ᠠ ᠲᠣᠳᠣᠷᠬᠠᠢ ᠴᠢᠭᠯᠡᠯ ᠢ ᠪᠣᠯᠪᠠᠰᠤᠷᠠᠯ ᠤᠨ ᠶᠠᠮᠤᠨ ᠠᠴᠠ ᠥᠭᠭᠦᠭᠡ ᠦᠭᠡᠢ᠂ ᠬᠡᠷᠬᠢᠨ ᠡᠬᠢᠯᠡᠭᠦᠯᠬᠦ ᠲᠠᠯ᠎ᠠ ᠪᠠᠷ ᠶᠠᠷᠢᠯᠴᠠᠭ᠎ᠠ ᠦᠭᠡᠢ ᠪᠠᠶᠢᠨ᠎ᠠ ᠭᠡᠰᠡᠨ ᠬᠠᠷᠢᠭᠤ ᠶᠢ ᠶᠡᠬᠡ᠂ ᠳᠡᠭᠡᠳᠦ ᠰᠤᠷᠭᠠᠭᠤᠯᠢ ᠶᠢᠨ ᠠᠯᠪᠠᠨ ᠤ ᠬᠦᠮᠦᠰ ᠦᠭᠭᠦᠯ᠎ᠡ᠃
ᠬᠠᠮᠤᠭ ᠤᠨ ᠡᠮᠭᠡᠨᠢᠯᠲᠡᠢ ᠨᠢ ᠤᠶᠤᠲᠠᠳ ᠦᠨᠳᠦᠰᠦᠨ ᠦ ᠪᠢᠴᠢᠭ ᠢ ᠶᠠᠮᠠᠷ ᠲᠦᠪᠰᠢᠨ ᠡᠴᠡ ᠡᠬᠢᠯᠡᠵᠦ  ᠰᠤᠷᠤᠭᠠᠳ ᠠᠯᠢ ᠲᠦᠪᠰᠢᠨ ᠳᠦ ᠬᠦᠷᠬᠦ ᠲᠠᠯ᠎ᠠ ᠪᠠᠷ ᠴᠤ ᠲᠣᠳᠣᠷᠬᠠᠢ ᠮᠡᠳᠡᠭᠡᠯᠡᠯ ᠥᠭᠭᠦᠭᠡ ᠦᠭᠡᠢ ᠪᠠᠶᠢᠨ᠎ᠠ᠃ ᠡᠨᠡ ᠲᠠᠯ᠎ᠠ ᠪᠠᠷ ᠮᠣᠩᠭᠣᠯ ᠤᠯᠤᠰ ᠤᠨ ᠶᠡᠬᠡ ᠰᠤᠷᠭᠠᠭᠤᠯᠢ ᠶᠢᠨ ᠬᠥᠲᠦᠯᠪᠦᠷᠢ᠂ ᠴᠢᠨᠠᠷ ᠤᠨ ᠪᠠᠲᠤᠯᠠᠭᠠᠵᠢᠭᠤᠯᠤᠯᠲᠠ ᠶᠢᠨ ᠬᠡᠯᠲᠡᠰ ᠦᠨ ᠳᠠᠷᠤᠭ᠎ᠠ ᠨ∙ᠫᠦᠷᠪᠦᠴᠤᠭᠲᠤ᠄ ᠮᠠᠨ ᠤ ᠰᠤᠷᠭᠠᠭᠤᠯᠢ ᠶᠡᠷᠦᠩᠬᠡᠢ ᠰᠠᠭᠤᠷᠢ ᠶᠢᠨ ᠪᠠᠭᠴᠠ ᠬᠢᠴᠢᠶᠡᠯ ᠳᠦ ᠪᠡᠨ ᠮᠣᠩᠭᠣᠯ ᠬᠡᠯᠡ ᠪᠢᠴᠢᠭ ᠦᠨ ᠬᠢᠴᠢᠶᠡᠯ ᠢ ᠵᠠᠪᠠᠯ ᠰᠤᠳᠤᠯᠤᠭᠤᠯᠬᠤ ᠪᠠᠷ ᠣᠷᠣᠭᠤᠯᠤᠨ᠎ᠠ ᠭᠡᠵᠦ ᠲᠥᠯᠦᠪᠯᠡᠭᠰᠡᠨ᠃ ᠬᠣᠶᠠᠳᠤᠭᠠᠷ ᠤᠯᠠᠷᠢᠯ ᠳᠤ ᠬᠡᠯᠡᠯᠴᠡᠭᠡᠳ ᠢᠷᠡᠬᠦ ᠶᠢᠰᠦᠳᠦᠭᠡᠷ ᠰᠠᠷ᠎ᠠ ᠠᠴᠠ ᠬᠡᠷᠡᠭᠵᠢᠭᠦᠯᠦᠨ᠎ᠡ᠃ ᠣᠳᠣ ᠶᠢᠨ ᠡᠨᠡ ᠬᠥᠲᠥᠯᠪᠦᠷᠢ ᠪᠡᠷ ᠠᠷᠪᠠᠨ ᠵᠢᠯ ᠳᠦ ᠪᠡᠨ ᠦᠵᠡᠴᠢᠬᠡᠭᠰᠡᠨ ᠬᠢᠴᠢᠶᠡᠯ ᠦᠨ ᠶᠠᠭ ᠶᠠᠭᠤ ᠶᠢ ᠨᠢ ᠳᠠᠬᠢᠵᠤ ᠦᠵᠡᠭᠦᠯᠬᠦ ᠭᠡᠳ ᠪᠠᠶᠢᠭ᠎ᠠ ᠨᠢ ᠲᠣᠳᠣᠷᠬᠠᠢ ᠦᠭᠡᠢ᠃ ᠬᠥᠲᠦᠯᠪᠦᠷᠢ ᠶᠢᠨ ᠦᠷ᠎ᠡ ᠳ᠋ᠦᠩ ᠳᠦ ᠮᠣᠩᠭᠣᠯ ᠬᠦᠮᠦᠨ ᠮᠣᠩᠭᠣᠯ ᠪᠢᠴᠢᠭ ᠦᠨ ᠶᠠᠭ ᠶᠠᠮᠠᠷ ᠲᠦᠪᠰᠢᠨ ᠳᠦ ᠬᠦᠷᠬᠦ ᠨᠢ᠂ ᠰᠤᠷᠤᠭᠴᠢ ᠪᠠᠶᠢᠬᠤ ᠳᠤ ᠪᠠᠨ ᠠᠯᠢ ᠲᠦᠪᠰᠢᠨ ᠳᠦ  ᠬᠦᠷᠦᠭᠡᠳ᠂ ᠣᠶᠤᠲᠠᠨ ᠪᠣᠯᠤᠭᠠᠳ ᠠᠯᠢ ᠲᠦᠪᠰᠢᠨ ᠳᠦ ᠬᠦᠷᠬᠦ ᠪᠤᠢ ᠭᠡᠳᠡᠭ ᠨᠢ ᠲᠣᠳᠣᠷᠬᠠᠢ ᠪᠤᠰᠤ᠃

ᠵᠢᠱᠢᠶᠡᠯᠡᠪᠡᠯ᠂ 100 ᠬᠤᠪᠢ ᠶᠢᠨ ᠴᠢᠳᠠᠪᠤᠷᠢ ᠡᠵᠡᠮᠰᠢᠬᠦ ᠡᠴᠡ 70 ᠬᠤᠪᠢ ᠶᠢ ᠨᠢ ᠠᠷᠪᠠᠨ ᠵᠢᠯ ᠳᠦ ᠪᠡᠨ᠂ 30 ᠬᠤᠪᠢ ᠶᠢ ᠨᠢ ᠶᠡᠬᠡ ᠰᠤᠷᠭᠠᠭᠤᠯᠢ ᠳᠦ ᠪᠡᠨ ᠦᠵᠡᠨ᠎ᠡ ᠭᠡᠰᠡᠨ ᠵᠦᠢᠯ ᠪᠠᠶᠢᠬᠤ ᠦᠭᠡᠢ᠃ ᠲᠦᠪᠰᠢᠨ ᠦ ᠢᠯᠭᠠᠭ᠎ᠠ ᠦᠭᠡᠢ ᠤᠴᠢᠷ ᠠᠴᠠ ᠠᠷᠪᠠᠨ ᠵᠢᠯ ᠳᠦ ᠪᠡᠨ ᠦᠵᠡᠭᠰᠡᠨ ᠢ ᠨᠢ ᠳᠠᠬᠢᠭᠠᠳ ᠵᠢᠭᠠᠬᠤ ᠠᠴᠠ ᠥᠭᠡᠷ᠎ᠡ ᠠᠷᠭ᠎ᠠ ᠦᠭᠡᠢ ᠪᠠᠶᠢᠳᠠᠯ ᠳᠤ ᠶᠡᠬᠡ ᠰᠤᠷᠭᠠᠭᠤᠯᠢ ᠨᠤᠭᠤᠳ ᠲᠤᠯᠵᠤ ᠢᠷᠡᠯ᠎ᠡ ᠭᠡᠵᠦ ᠶᠠᠷᠢᠭᠰᠠᠨ ᠶᠤᠮ᠃  ᠪᠤᠳᠠᠲᠠᠢ ᠪᠠᠷ ᠬᠡᠷᠬᠢᠨ ᠬᠡᠷᠡᠭᠵᠢᠭᠦᠯᠬᠦ ᠶᠠᠮᠠᠷ ᠴᠤ ᠦᠨᠳᠦᠰᠦᠯᠡᠯ ᠰᠤᠳᠤᠯᠭᠠᠨ ᠦᠭᠡᠢ ᠬᠥᠲᠥᠯᠪᠦᠷᠢ ᠪᠠᠲᠤᠯᠠᠴᠢᠬᠠᠭᠠᠳ ︽ᠪᠡᠯᠡᠳᠬᠡᠯ ᠠᠵᠢᠯ ᠢᠶᠠᠨ ᠬᠠᠩᠭ᠎ᠠ︾ᠬᠡᠮᠡᠨ ᠬᠡᠢ ᠬᠣᠭᠣᠰᠣᠨ ᠲᠤᠰᠢᠶᠠᠯ ᠥᠭᠭᠦᠭᠰᠡᠨ ᠦ ᠢᠯᠡᠷᠡᠯ ᠨᠢ ᠡᠨᠡ᠃
︽ᠦᠨᠳᠦᠰᠦᠨ ᠦ ᠪᠢᠴᠢᠭ ᠢ ᠬᠡᠷᠡᠭᠯᠡᠬᠦ ᠤᠷᠴᠢᠨ ᠪᠠᠢᠬᠤ ᠦᠭᠡᠢ︾
ᠬᠠᠮᠤᠭ ᠤᠨ ᠡᠮᠭᠡᠨᠢᠯᠲᠡᠢ ᠨᠢ ᠤᠶᠤᠲᠠᠳ ᠦᠨᠳᠦᠰᠦᠨ ᠦ ᠪᠢᠴᠢᠭ ᠢ ᠶᠠᠮᠠᠷ ᠲᠦᠪᠰᠢᠨ ᠡᠴᠡ ᠡᠬᠢᠯᠡᠵᠦ  ᠰᠤᠷᠤᠭᠠᠳ ᠠᠯᠢ ᠲᠦᠪᠰᠢᠨ ᠳᠦ ᠬᠦᠷᠬᠦ ᠲᠠᠯ᠎ᠠ ᠪᠠᠷ ᠴᠤ ᠲᠣᠳᠣᠷᠬᠠᠢ ᠮᠡᠳᠡᠭᠡᠯᠡᠯ ᠥᠭᠭᠦᠭᠡ ᠦᠭᠡᠢ ᠪᠠᠶᠢᠨ᠎ᠠ᠃ ᠰᠤᠷᠤᠭᠴᠢ ᠪᠠᠶᠢᠬᠤ ᠳᠤ ᠪᠠᠨ ᠰᠤᠳᠤᠯᠤᠭᠠᠳ ᠦᠷᠭᠦᠯᠵᠢᠯᠡᠭᠦᠯᠦᠨ ᠣᠶᠤᠲᠠᠨ ᠪᠣᠯᠤᠭᠠᠳ ᠰᠤᠳᠤᠯᠤᠯ᠎ᠠ ᠭᠡᠬᠦ ᠳᠦ ᠬᠠᠮᠢᠭ᠎ᠠ᠂ ᠶᠠᠭᠤᠨ ᠳᠤ ᠮᠣᠩᠭᠣᠯ ᠪᠢᠴᠢᠭ ᠢᠶᠡᠨ ᠠᠰᠢᠭᠯᠠᠬᠤ ᠪᠤᠢ ᠭᠡᠳᠡᠭ ᠨᠢ ᠪᠠᠰᠠ ᠪᠦᠷᠬᠦᠭ᠃︽ᠮᠣᠩᠭᠣᠯ ᠪᠢᠴᠢᠭ ᠦᠨ ᠦᠨᠳᠦᠰᠦᠨ ᠦ ᠬᠥᠲᠥᠯᠪᠦᠷᠢ︾ᠬᠡᠮᠡᠬᠦ ᠰᠦᠷᠵᠢᠨ ᠨᠡᠷ᠎ᠡ ᠲᠡᠢ ᠬᠥᠲᠥᠯᠪᠦᠷᠢ ᠶᠢ 1995 ᠣᠨ ᠠᠴᠠ ᠡᠬᠢᠯᠡᠨ 26 ᠳ᠋ᠡᠬᠢ ᠵᠢᠯ ᠳᠦ ᠪᠡᠨ ᠬᠡᠷᠡᠭᠵᠢᠭᠦᠯᠵᠦ ᠪᠠᠶᠢᠨ᠎ᠠ᠃ ᠭᠡᠪᠡᠴᠦ ᠪᠦᠬᠦ ᠨᠡᠶᠢᠲᠡ ᠪᠡᠷ ᠢᠶᠡᠨ ᠦᠨᠳᠦᠰᠦᠨ ᠦ ᠪᠢᠴᠢᠭ ᠢᠶᠡᠨ ᠰᠤᠷᠬᠤ ᠨᠢ ᠪᠠᠶᠢᠲᠤᠭᠠᠢ ᠰᠤᠷᠤᠭᠴᠢᠳ ᠨᠢ ᠤᠩᠰᠢᠵᠤ᠂ ᠪᠢᠴᠢᠵᠦ ᠴᠢᠳᠠᠬᠤ ᠦᠭᠡᠢ ᠪᠠᠶᠢᠭᠰᠠᠭᠠᠷ ᠡᠳᠦᠢ ᠶᠢ ᠬᠦᠷᠦᠯ᠎ᠡ᠃ ᠰᠤᠷᠭᠠᠭᠤᠯᠢ ᠳᠦ ᠪᠡᠨ ᠰᠤᠷᠤᠭᠰᠠᠨ ᠪᠢᠴᠢᠭ ᠢᠶᠡᠨ ᠬᠡᠷᠡᠭᠯᠡᠬᠦ ᠣᠷᠴᠢᠨ ᠪᠠᠶᠢᠬᠤ ᠦᠭᠡᠢ ᠤᠴᠢᠷ ᠠᠴᠠ ᠮᠠᠷᠲᠠᠳᠠᠭ ᠭᠠᠰᠢᠭᠤᠨ ᠲᠡᠦᠬᠡ ᠪᠢᠳᠡᠨ ᠳᠦ ᠪᠤᠢ᠃ ᠣᠳᠣ ᠯᠠ ᠨᠢᠭᠡ ᠨᠡᠶᠢᠲᠡ ᠪᠡᠷ ᠢᠶᠡᠨ ᠦᠨᠳᠦᠰᠦᠨ ᠦ ᠪᠢᠴᠢᠭ ᠲᠡᠢ ᠪᠣᠯᠬᠤ ᠨᠢ ᠬᠡᠮᠡᠨ ᠰᠠᠶᠢᠰᠢᠶᠠᠨ ᠬᠦᠯᠢᠶᠡᠵᠦ ᠠᠪᠤᠭᠰᠠᠨ ᠡᠨᠡ ᠤᠳᠠᠭ᠎ᠠ ᠶᠢᠨ ᠬᠥᠲᠥᠯᠪᠦᠷᠢ ᠴᠤ ᠡᠮᠦᠨᠡᠬᠢ ᠲᠡᠦᠬᠡ ᠶᠢ ᠳᠠᠪᠲᠠᠬᠤ ᠦᠭᠡᠢ ᠭᠡᠰᠡᠨ ᠪᠠᠲᠤᠯᠠᠭ᠎ᠠ ᠣᠳᠣ ᠪᠠᠷ ᠪᠢᠳᠡᠨ ᠳᠦ ᠠᠯᠠᠭ᠎ᠠ᠃
ᠡᠨᠡ ᠲᠠᠯ᠎ᠠ ᠪᠠᠷ ᠮᠤᠩᠭᠤᠯ ᠤᠯᠤᠰ ᠤᠨ ᠪᠤᠯᠪᠠᠰᠤᠷᠠᠯ ᠤᠨ ᠶᠡᠬᠡ ᠰᠤᠷᠭᠠᠭᠤᠯᠢ ᠶᠢᠨ᠍  ᠮᠣᠩᠭᠣᠯ ᠬᠡᠯᠡᠨ ᠦ ᠲᠡᠩᠬᠢᠮ ᠦᠨ ᠡᠷᠬᠢᠯᠡᠭᠴᠢ ᠱ ∙ ᠪᠠᠲᠤᠲᠡᠭᠦᠰ᠄ ︽ᠮᠣᠩᠭᠣᠯ ᠪᠢᠴᠢᠭ ᠦᠨ ᠦᠨᠳᠦᠰᠦᠨ ᠦ ᠬᠥᠲᠥᠯᠪᠦᠷᠢ – 3᠍︾ ᠳᠦ᠂ ᠶᠡᠬᠡ ᠳᠡᠭᠡᠳᠦ ᠰᠤᠷᠭᠠᠭᠤᠯᠢ ᠶᠢᠨ ᠪᠦᠬᠦ ᠣᠶᠤᠲᠠᠨ ᠭᠤᠷᠪᠠᠨ ᠺᠷᠧᠳᠢᠲ ᠢᠶᠡᠷ ᠦᠵᠡᠬᠦ᠂ ᠮᠣᠩᠭᠣᠯ ᠬᠡᠯᠡ ᠪᠢᠴᠢᠭ ᠦᠨ ᠪᠠᠭᠰᠢ ᠶᠢᠨ ᠮᠡᠷᠭᠡᠵᠢᠯ ᠦᠨ ᠠᠩᠭᠢ ᠳᠤ ᠵᠢᠭᠠᠬᠤ᠂ ᠲᠡᠭᠦᠰᠬᠦ ᠦᠶ᠎ᠡ ᠳᠦ ᠨᠢ ᠮᠣᠩᠭᠣᠯ ᠪᠢᠴᠢᠭ ᠦᠨ ᠰᠢᠯᠭᠠᠯᠲᠠ ᠠᠪᠳᠠᠭ ᠪᠠᠶᠢᠬᠤ ᠭᠡᠰᠡᠨ ᠬᠡᠳᠦ ᠬᠡᠳᠦᠨ ᠵᠢᠭᠠᠯᠲᠠ ᠣᠷᠣᠭᠰᠠᠨ᠃ ᠡᠨᠡ ᠴᠢᠭᠯᠡᠯ ᠢᠶᠡᠷ ᠠᠵᠢᠯᠯᠠᠭᠠᠷᠠᠢ ᠭᠡᠰᠡᠨ ᠡᠴᠡ ᠥᠭᠡᠷ᠎ᠡ ᠨᠠᠷᠢᠨ ᠲᠣᠳᠣᠷᠬᠠᠢ ᠴᠢᠭ ᠢ ᠪᠣᠯᠪᠠᠰᠤᠷᠠᠯ ᠤᠨ ᠶᠠᠮᠤᠨ ᠠᠴᠠ ᠥᠭᠭᠦᠭᠡ ᠦᠭᠡᠢ᠃ ᠤᠭ ᠨᠢ ᠮᠣᠩᠭᠣᠯ ᠪᠢᠴᠢᠭ ᠢᠶᠡᠨ ᠰᠤᠷᠬᠤ ᠦᠭᠡᠢ ᠪᠣᠯ ᠪᠣᠯᠬᠤ ᠦᠭᠡᠢ ᠭᠡᠰᠡᠨ ᠬᠥᠰᠢᠭᠦᠷᠭᠡ ᠶᠢ ᠪᠤᠢ ᠪᠣᠯᠭᠠᠬᠤ ᠬᠡᠷᠡᠭᠲᠡᠢ᠃ ᠠᠷᠪᠠᠨ ᠵᠢᠯ ᠳᠦ ᠨᠢ ᠮᠣᠩᠭᠣᠯ ᠪᠢᠴᠢᠭ ᠢ ᠴᠥᠭᠡᠨ ᠴᠠᠭ ᠢᠶᠠᠷ ᠦᠵᠡᠭᠦᠯᠴᠢᠬᠡᠭᠡᠳ ᠪᠣᠯᠢᠴᠢᠬᠠᠳᠠᠭ᠃ ᠡᠭᠦᠨ ᠡᠴᠡ ᠴᠠᠰᠢ ᠬᠡᠷᠡᠭᠯᠡᠬᠦ ᠣᠷᠴᠢᠨ ᠨᠢ ᠪᠠᠶᠢᠬᠤ ᠦᠭᠡᠢ ᠪᠣᠯᠬᠤ ᠪᠠᠷ ᠮᠠᠷᠲᠠᠴᠢᠬᠠᠳᠠᠭ᠃ ᠤᠭ ᠨᠢ ᠦᠨᠳᠦᠰᠦᠨ ᠦ ᠪᠢᠴᠢᠭ ᠢ 21 ᠬᠣᠨᠣᠭ ᠲᠤ ᠤᠩᠰᠢᠵᠤ᠂ ᠪᠢᠴᠢᠵᠦ ᠰᠤᠷᠴᠤ ᠪᠣᠯᠳᠠᠭ ᠭᠡᠪᠡ᠃
ᠢᠷᠡᠬᠦ ᠨᠠᠮᠤᠷ ᠬᠡᠷᠡᠭᠵᠢᠬᠦ ᠭᠡᠵᠦ ᠪᠠᠶᠢᠭ᠎ᠠ ᠬᠥᠲᠥᠯᠪᠦᠷᠢ ᠶᠠᠮᠠᠷ ᠶᠡᠬᠡ ᠲᠦᠭᠦᠬᠡᠢ ᠪᠠᠶᠢᠭ᠎ᠠ ᠶᠢ ᠳᠡᠭᠡᠷᠡᠬᠢ ᠡᠬᠢ ᠰᠤᠷᠪᠤᠯᠵᠢ ᠶᠢᠨ ᠶᠠᠷᠢᠶ᠎ᠠ ᠨᠤᠭᠤᠳ ᠪᠠᠲᠤᠯᠠᠵᠤ ᠪᠠᠶᠢᠨ᠎ᠠ᠃ ᠡᠭᠦᠨ ᠡᠴᠡ ᠭᠠᠳᠠᠨ᠎ᠠ ᠪᠢᠳᠡ ᠤᠯᠤᠰ ᠤᠨ ᠪᠣᠯᠤᠨ  ᠬᠤᠪᠢ ᠶᠢᠨ ᠬᠡᠳᠦ ᠬᠡᠳᠦᠨ ᠰᠤᠷᠭᠠᠭᠤᠯᠢ ᠲᠠᠢ ᠬᠤᠯᠪᠤᠭᠳᠠᠬᠤ ᠳᠤ᠄ ᠲᠡᠶᠢᠮᠦ ᠬᠥᠲᠥᠯᠪᠦᠷᠢ ᠬᠡᠷᠡᠭᠵᠢᠵᠦ ᠡᠬᠢᠯᠡᠨ᠎ᠡ ᠭᠡᠵᠦ ᠰᠣᠨᠣᠰᠤᠭᠰᠠᠨ᠃ ᠭᠡᠬᠦ ᠳᠦ ᠪᠡᠨ ᠳᠡᠯᠭᠡᠷᠡᠩᠭᠦᠢ ᠮᠡᠳᠡᠭᠡᠯᠡᠯ᠂ ᠠᠯᠪᠠᠨ ᠲᠣᠭᠠᠲᠤ ᠬᠦᠯᠢᠶᠡᠵᠦ ᠠᠪᠤᠭ᠎ᠠ ᠦᠭᠡᠢ ᠪᠠᠶᠢᠨ᠎ᠠ ᠭᠡᠰᠡᠨ ᠬᠠᠷᠢᠭᠤ ᠶᠢ ᠥᠭᠴᠦ ᠪᠠᠶᠢᠯ᠎ᠠ᠃ ᠡᠷᠬᠡ ᠪᠠᠷᠢᠭᠴᠢᠳ ᠤᠨ ᠡᠭᠡᠯᠵᠢᠲᠦ ᠬᠣᠭᠣᠰᠣᠨ ᠠᠮᠠᠯᠠᠯᠲᠠ ᠶᠢᠨ  ᠤᠷᠠᠬ᠎ᠠ ᠳᠤ ᠪᠢᠳᠡ ᠡᠶᠢᠨ ᠣᠷᠣᠵᠠᠢ᠃
ᠡᠬᠡ ᠬᠡᠯᠡ ᠪᠡᠨ ᠴᠤ᠂  ᠬᠠᠷᠢ ᠬᠡᠯᠡ ᠶᠢ ᠴᠤ  ᠮᠡᠳᠡᠬᠦ ᠦᠭᠡᠢ ᠰᠢᠨ᠎ᠡ ᠦᠶ᠎ᠡ ᠶᠢᠨ ᠬᠢᠨ

ᠭᠠᠳᠠᠭᠠᠳᠤ ᠪᠠᠭᠰᠢ ᠨᠠᠷ ᠤᠨ ᠠᠩᠭᠯᠢ ᠬᠡᠯᠡ ᠶᠢ ᠬᠡᠳᠦᠨ ᠵᠢᠯ ᠰᠤᠳᠤᠯᠵᠤ ᠪᠠᠶᠢᠭ᠎ᠠ ᠪᠤᠢ ᠭᠡᠰᠡᠨ ᠠᠰᠠᠭᠤᠯᠲᠠ ᠠᠴᠠ ᠮᠠᠨ ᠤ ᠰᠤᠷᠤᠭᠴᠢᠳ ᠢᠴᠢᠳᠡᠭ᠃ ᠰᠤᠳᠤᠯᠤᠭᠰᠠᠨ ᠵᠢᠯ ᠦᠨ ᠢᠶᠡᠨ ᠲᠣᠭ᠎ᠠ ᠪᠠᠷ ᠤᠷ᠎ᠠ ᠴᠢᠳᠠᠪᠤᠷᠢ ᠨᠢ ᠬᠡᠮᠵᠢᠭᠳᠡᠳᠡᠭ ᠪᠣᠯ ᠰᠤᠷᠭᠠᠭᠤᠯᠢ ᠶᠢᠨ ᠰᠤᠷᠤᠭᠴᠢ ᠪᠦᠷ ᠠᠩᠭᠯᠢ ᠬᠡᠯᠡᠨ ᠦ ᠥᠨᠳᠥᠷ ᠲᠦᠪᠰᠢᠨ ᠦ ᠮᠡᠳᠡᠯᠭᠡ ᠲᠡᠢ ᠪᠣᠯᠤᠭᠠᠳ ᠲᠡᠭᠦᠰᠬᠦ ᠪᠠᠶᠢᠯ᠎ᠠ᠃ ᠭᠡᠲᠡᠯ᠎ᠡ ᠶᠡᠬᠡᠩᠬᠢ ᠨᠢ ᠬᠡᠳᠦᠨ ᠦᠰᠦᠭ᠂ ᠳᠦᠷᠢᠮ ᠡᠴᠡ ᠴᠠᠰᠢ ᠮᠡᠳᠡᠯᠭᠡ ᠣᠯᠵᠤ ᠴᠢᠳᠠᠬᠤ ᠦᠭᠡᠢ ᠪᠠᠶᠢᠭᠰᠠᠭᠠᠷ ᠡᠳᠦᠢ ᠶᠢ ᠬᠦᠷᠦᠯ᠎ᠡ᠃ ᠣᠶᠤᠲᠠᠨ ᠪᠣᠯᠤᠭᠠᠳ ᠶᠡᠷᠦᠩᠬᠡᠢ ᠡᠷᠳᠡᠮ ᠦᠨ ᠬᠢᠴᠢᠶᠡᠯ ᠬᠡᠮᠡᠨ ᠪᠦᠭᠦᠳᠡ ᠳᠠᠬᠢᠨ ᠠᠷᠪᠠᠨ ᠵᠢᠯ ᠳᠦ ᠪᠡᠨ ᠦᠵᠡᠭᠰᠡᠨ ᠬᠡᠳᠦᠨ  ᠳᠦᠷᠢᠮ ᠢᠶᠡᠷ ᠢᠶᠡᠨ︽ᠪᠠᠯᠪᠠᠭᠤᠯᠤᠨ᠎ᠠ︾᠃ ᠠᠬᠢᠴᠠ ᠭᠠᠷᠤᠭᠰᠠᠨ ᠵᠦᠢᠯ ᠦᠭᠡᠢ ᠪᠠᠶᠢᠭᠰᠠᠭᠠᠷ ᠳᠡᠯᠡᠬᠡᠢ ᠶᠢᠨ ᠬᠥᠭᠵᠢᠯ ᠦᠨ ᠲᠣᠭᠣᠰᠣᠨ ᠳᠤ ᠳᠠᠷᠤᠭᠳᠠᠨ ᠵᠠᠮ ᠢᠶᠠᠨ ᠣᠯᠬᠤ ᠦᠭᠡᠢ ᠶᠠᠪᠤᠭᠰᠠᠭᠠᠷ ᠢᠷᠡᠯ᠎ᠡ᠃ ᠭᠡᠪᠡᠴᠦ ᠠᠩᠭᠯᠢ ᠬᠡᠯᠡ ᠭᠡᠰᠡᠨ ︽ᠲᠣᠭᠯᠠᠭᠠᠮ︾ ᠡᠴᠡ ᠪᠠᠨ ᠤᠶᠢᠳᠤᠭᠠᠳ ᠡᠭᠡᠯᠵᠢᠲᠦ ᠰᠢᠨ᠎ᠡ︽ᠲᠣᠭᠯᠠᠭᠠᠮ︾ ᠍ ᠳᠠᠭᠠᠨ ᠲᠡᠳᠡ ᠦᠨᠳᠦᠰᠦᠨ ᠦ ᠬᠥᠲᠥᠯᠪᠦᠷᠢ ᠬᠡᠮᠡᠬᠦ ᠰᠦᠷᠵᠢᠨ ᠨᠡᠷ᠎ᠡ ᠥᠭᠴᠡᠢ᠃
ᠣᠳᠣ ᠶᠢᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶᠢᠨ ᠰᠤᠷᠭᠠᠯᠲᠠ ᠶᠢᠨ ᠲᠥᠯᠥᠪᠯᠡᠭᠡ ᠪᠡᠷ ᠰᠤᠷᠤᠭᠴᠢᠳ  ᠵᠢᠷᠭᠤᠳᠤᠭᠠᠷ ᠠᠩᠭᠢ ᠠᠴᠠ ᠪᠠᠨ ᠡᠬᠢᠯᠡᠨ ᠦᠨᠳᠦᠰᠦᠨ ᠦ ᠪᠢᠴᠢᠭ ᠢ ᠰᠤᠳᠤᠯᠵᠤ ᠪᠠᠶᠢᠨ᠎ᠠ᠃ ᠢᠩᠭᠢᠬᠦ ᠳᠦ ᠪᠡᠨ  ᠵᠢᠷᠭᠤᠭ᠎ᠠ ᠠᠴᠠ ᠠᠷᠪᠠᠨ ᠬᠤᠶᠠᠳᠤᠭᠠᠷ ᠠᠩᠭᠢ ᠶᠢᠨ ᠬᠢᠨ ᠳᠣᠯᠣᠭ᠎ᠠ ᠬᠣᠨᠣᠭ ᠲᠤ ᠬᠣᠶᠠᠷ ᠴᠠᠭ ᠪᠤᠶᠤ ᠵᠢᠯ ᠳᠦ 66 ᠴᠠᠭ ᠮᠣᠩᠭᠣᠯ ᠪᠢᠴᠢᠭ ᠦᠨ ᠬᠢᠴᠢᠶᠡᠯ ᠰᠤᠳᠤᠯᠳᠠᠭ᠃ ᠡᠶᠢᠨ ᠦᠨᠳᠦᠰᠦᠨ ᠦ ᠪᠢᠴᠢᠭ ᠢᠶᠡᠨ ᠰᠤᠳᠤᠯᠤᠭᠠᠳ ᠰᠤᠷᠭᠠᠭᠤᠯᠢ ᠠᠴᠠ ᠭᠠᠷᠤᠭᠠᠳ ᠬᠡᠷᠡᠭᠯᠡᠬᠦ ᠶᠠᠮᠠᠷ ᠴᠤ ᠣᠷᠴᠢᠨ ᠲᠡᠳᠡᠨ ᠳᠦ ᠪᠠᠶᠢᠬᠤ ᠦᠭᠡᠢ᠃  ᠤᠶᠤᠲᠠᠳ ᠴᠤ ᠢᠯᠭᠠᠭ᠎ᠠ ᠠᠯᠠᠭ᠎ᠠ᠃︽2025 ᠣᠨ ᠳᠤ ᠪᠦᠬᠦ ᠨᠡᠶᠢᠲᠡ ᠪᠡᠷ ᠢᠶᠡᠨ ᠦᠨᠳᠦᠰᠦᠨ ᠦ ᠪᠢᠴᠢᠭ ᠢᠶᠡᠷ ᠢᠶᠡᠨ ᠪᠢᠴᠢᠵᠦ  ᠰᠤᠷᠤᠨ᠎ᠠ︾ ᠭᠡᠰᠡᠨ ᠲᠣᠮᠣ ᠵᠣᠷᠢᠯᠭ᠎ᠠ ᠲᠠᠯᠪᠢᠴᠢᠬᠠᠭᠠᠳ ᠡᠬᠢᠯᠡᠭᠦᠯᠦᠭᠰᠡᠨ ᠵᠦᠢᠯ ᠣᠳᠣ ᠶᠢ ᠬᠦᠷᠲᠡᠯ᠎ᠡ ᠪᠣᠯᠪᠠᠰᠤᠷᠠᠯ ᠤᠨ ᠶᠠᠮᠤᠨ ᠳᠤ ᠠᠯᠠᠭ᠎ᠠ᠃
ᠤᠯᠤᠰ ᠤᠨ ᠲᠥᠰᠥᠪ ᠡᠴᠡ ᠵᠢᠯ ᠳᠦ ᠪᠡᠨ 1.7 ᠶᠡᠬᠡ ᠨᠠᠶᠤᠳ ᠲᠥᠭᠥᠷᠢᠭ ᠢ ᠪᠣᠯᠪᠠᠰᠤᠷᠠᠯ ᠤᠨ ᠰᠠᠯᠪᠤᠷᠢ ᠳᠤ ᠵᠠᠷᠤᠴᠠᠭᠤᠯᠳᠠᠭ ᠲᠠᠯ᠎ᠠ ᠪᠠᠷ ᠡᠭᠦᠷᠭᠡᠲᠦ ᠠᠵᠢᠯ ᠢᠶᠠᠨ ᠬᠦᠯᠢᠶᠡᠨ ᠠᠪᠤᠭᠠᠳ ᠤᠳᠠᠭ᠎ᠠ ᠦᠭᠡᠢ ᠪᠠᠶᠢᠭ᠎ᠠ ᠪᠣᠯᠪᠠᠰᠤᠷᠠᠯ᠂ ᠰᠢᠨᠵᠢᠯᠡᠬᠦ ᠤᠬᠠᠭᠠᠨ ᠤ ᠶᠠᠮᠤᠨ ᠤ ᠰᠠᠶᠢᠳ ᠯ ∙ ᠡᠩᠬᠠᠮᠤᠭᠤᠯᠠᠩ ᠤᠯᠤᠰ ᠤᠨ ᠶᠡᠬᠡ ᠬᠤᠷᠠᠯ ᠤᠨ ᠴᠢᠭᠤᠯᠭᠠᠨ ᠤ ᠦᠶ᠎ᠡ ᠪᠡᠷ ᠶᠠᠷᠢᠭᠰᠠᠨ᠃ ᠲᠡᠷᠡ ᠪᠡᠷ᠄ ᠪᠢ ᠬᠠᠮᠤᠭ ᠤᠨ ᠲᠦᠷᠦᠭᠦᠨ ᠳᠦ ᠪᠣᠯᠪᠠᠰᠤᠷᠠᠯ ᠤᠨ ᠰᠠᠯᠪᠤᠷᠢ ᠶᠢᠨ ᠤᠵᠢᠭᠷᠠᠭᠰᠠᠨ ᠲᠣᠭᠲᠠᠯᠴᠠᠭᠠᠨ ᠳᠤ ᠦᠨᠡᠯᠡᠯᠲᠡ ᠳ᠋ᠦᠩᠨᠡᠯᠲᠡ ᠥᠭᠴᠦ ᠠᠵᠢᠯᠯᠠᠨ᠎ᠠ᠃ ᠪᠣᠯᠪᠠᠰᠤᠷᠠᠯ ᠤᠨ ᠰᠠᠯᠪᠤᠷᠢ ᠳᠤ ᠢᠷᠡᠳᠡᠭ 1.7 ᠶᠡᠬᠡ ᠨᠠᠶᠤᠳ ᠲᠥᠭᠥᠷᠢᠭ ᠦᠨ 85 ᠬᠤᠪᠢ ᠨᠢ ᠤᠷᠤᠰᠬᠠᠯ ᠵᠠᠷᠤᠳᠠᠯ ᠳᠤ ᠶᠠᠪᠤᠳᠠᠭ᠃ ᠤᠭ ᠨᠢ ᠡᠨᠡ ᠮᠥᠩᠭᠥ ᠶᠢ ᠰᠤᠷᠭᠠᠯᠲᠠ ᠶᠢᠨ ᠬᠥᠲᠥᠯᠪᠦᠷᠢ ᠳᠦ᠂ ᠪᠠᠭᠰᠢ ᠨᠠᠷ ᠤᠨ ᠴᠠᠯᠢᠩ᠂ ᠨᠡᠶᠢᠭᠡᠮ ᠤᠨ ᠠᠰᠠᠭᠤᠳᠠᠯ ᠢ ᠰᠢᠢᠳᠬᠦ ᠳᠦ ᠵᠣᠷᠢᠭᠤᠯᠬᠤ ᠶᠣᠰᠣᠲᠠᠢ ᠵᠠᠷᠤᠳᠠᠯ ᠭᠡᠵᠦ ᠣᠶᠢᠯᠠᠭᠠᠳᠠᠭ᠃ ᠲᠣᠭᠲᠠᠯᠴᠠᠭ᠎ᠠ ᠪᠡᠨ ᠥᠭᠡᠷᠡᠴᠢᠯᠡᠬᠦ ᠱᠠᠭᠠᠷᠳᠠᠯᠭ᠎ᠠ ᠲᠠᠢ ᠬᠡᠮᠡᠨ ᠶᠠᠷᠢᠭᠰᠠᠨ ᠪᠢᠯᠡ᠃
ᠡᠮᠦᠨᠡᠬᠢ ᠰᠠᠶᠢᠳ ᠤᠳ ᠤᠨ ᠥᠴᠢᠨᠡᠨ ᠵᠢᠯ ᠥᠭᠡᠷᠡᠴᠢᠯᠡᠵᠦ ᠴᠢᠳᠠᠭ᠎ᠠ ᠦᠭᠡᠢ ᠲᠣᠭᠲᠠᠯᠴᠠᠭ᠎ᠠ ᠶᠢ ᠨᠢᠭᠡ ᠰᠢᠨ᠎ᠡ ᠰᠠᠶᠢᠳ ᠭᠠᠷᠴᠤ ᠢᠷᠡᠭᠡᠳ ᠥᠭᠡᠷᠡᠴᠢᠯᠡᠨ᠎ᠡ ᠭᠡᠳᠡᠭ ᠠᠮᠠᠷ ᠵᠦᠢᠯ ᠪᠢᠰᠢ᠃ ᠤᠭ ᠠᠴᠠ ᠪᠣᠯᠤᠮᠵᠢ ᠦᠭᠡᠢ᠃ ᠡᠭᠦᠨ ᠦ ᠪᠡᠨ ᠣᠷᠣᠨ ᠳᠤ ᠮᠣᠩᠭᠣᠯ ᠦᠨᠳᠦᠰᠦᠲᠡᠨ ᠦ ᠪᠡᠨ ᠪᠠᠬᠠᠷᠬᠠᠯ᠂ ᠣᠷᠣᠰᠢᠨ ᠲᠤᠭᠲᠠᠨᠢᠬᠤ ᠦᠨᠳᠦᠰᠦ᠂ ᠰᠤᠶᠤᠯ ᠤᠨ ᠳᠠᠷᠬᠠᠯᠠᠭ᠎ᠠ ᠪᠣᠯᠤᠭᠰᠠᠨ ᠦᠨᠳᠦᠰᠦᠨ ᠦ ᠪᠢᠴᠢᠭ ᠦᠨ ᠬᠥᠲᠥᠯᠪᠦᠷᠢ ᠶᠢ ᠬᠡᠷᠡᠭᠵᠢᠭᠦᠯᠬᠦ᠂ ᠪᠦᠬᠦ ᠨᠡᠶᠢᠲᠡ ᠶᠢᠨ ᠬᠡᠷᠡᠭᠯᠡᠭᠡ ᠪᠣᠯᠭᠠᠬᠤ ᠳᠤ ᠥᠪᠡᠷ ᠦᠨ ᠳᠠᠪᠠᠭᠤ ᠲᠠᠯ᠎ᠠ ᠬᠡᠮᠡᠨ ᠲᠣᠳᠣᠷᠬᠠᠶᠢᠯᠠᠭᠰᠠᠨ ᠰᠡᠳᠬᠢᠯ ᠵᠢᠷᠦᠬᠡ ᠪᠡᠨ ᠵᠣᠷᠢᠭᠤᠯᠤᠨ ᠠᠵᠢᠯᠯᠠᠬᠤ ᠶᠢ ᠰᠢᠨ᠎ᠡ ᠰᠠᠶᠢᠳ ᠠᠴᠠ ᠬᠦᠰᠡᠶ᠎ᠡ᠃ ᠦᠭᠡᠢ ᠪᠣᠯ ᠡᠬᠡ ᠬᠡᠯᠡ ᠴᠤ ᠦᠭᠡᠢ᠂ ᠭᠠᠳᠠᠭᠠᠳᠤ ᠬᠡᠯᠡ ᠴᠤ ᠦᠭᠡᠢ ᠵᠠᠯᠠᠭᠤ ᠦᠶ᠎ᠡ ᠲᠥᠷᠥᠨ ᠭᠠᠷᠤᠭᠰᠠᠭᠠᠷ᠂ 《ᠮᠣᠩᠭᠣᠯ ᠪᠢᠴᠢᠭ ᠦᠨ ᠦᠨᠳᠦᠰᠦᠨ ᠦ ᠬᠥᠲᠥᠯᠪᠦᠷᠢ》 ᠬᠡᠮᠡᠬᠦ ᠦᠯᠢᠭᠡᠷ ᠦᠷᠭᠦᠯᠵᠢᠯᠡᠭᠰᠡᠭᠡᠷ ᠪᠠᠶᠢᠬᠤ ᠨᠢ᠃
ᠡᠬᠢ ᠰᠤᠷᠪᠤᠯᠵᠢ᠄ ︽ᠵᠠᠭᠤᠨ ᠤ ᠮᠡᠳᠡᠭᠡ︾ᠰᠣᠨᠢᠨ     ᠪ∙ ᠳᠤᠯᠵᠢᠨᠵᠠᠪ

ᠰᠡᠳᠬᠢᠭᠳᠡᠯ ᠦᠯᠡᠳᠡᠭᠡᠬᠦ